ᠬᠠᠨ ᠬᠤᠷᠮᠣᠰᠳᠠ ᠢᠢᠨ ᠬᠡᠰᠢᠭ ᠬᠠᠨᠠᠭᠠᠷ ᠳᠡᠯᠡᠬᠡᠢ ᠢᠢ ᠢᠪᠡᠭᠡᠵᠦ
ᠬᠠᠵᠠᠭᠠᠷ ᠤᠨ ᠴᠢᠮᠡᠭᠡ ᠲᠠᠢ ᠴᠠᠰᠤ ᠬᠠᠶᠠᠯᠠᠨ ᠯᠠᠪᠰᠠᠯᠠᠭᠰᠠᠭᠠᠷ ᠪᠠᠭᠤᠨ᠎ᠠ
ᠴᠡᠴᠡᠭ ᠤᠨ ᠬᠡᠯᠲᠡᠰ ᠪᠤᠲᠠᠷᠠᠨ ᠴᠡᠩᠬᠡᠷ ᠤᠭᠲᠠᠷᠭᠤᠢ ᠳᠤ ᠬᠥᠪᠥᠯᠵᠡᠨ
ᠴᠡᠪᠡᠷᠬᠡᠨ ᠠᠭᠠᠷ ᠰᠡᠪᠢᠯᠵᠡᠨ ᠴᠡᠭᠡᠨ ᠥᠩᠭᠡ ᠪᠠᠷ ᠮᠥᠩᠭᠦᠷᠡᠨᠡ
ᠣᠩᠭᠤᠨ ᠲᠠᠭᠰᠢᠨ ᠪᠠᠶᠢᠭᠠᠯᠢ ᠢᠢᠨ ᠤᠤᠭᠠᠯ ᠳᠦᠷᠬᠦ ᠢᠢ ᠪᠡᠯᠭᠡᠳᠡᠵᠦ
ᠤᠷᠢᠳᠤ ᠢᠢᠨ ᠪᠤᠭᠤᠷᠤᠯ ᠲᠡᠦᠬᠡ ᠢᠢᠨ ᠣᠮᠤᠭ ᠰᠦᠯᠳᠡ ᠢᠢ ᠳᠣᠮᠣᠭᠯᠠᠵᠤ
ᠡᠰᠡᠷᠸ᠎ᠠ ᠲᠩᠷᠢ ᠢᠢᠨ ᠲᠡᠨᠳᠡ ᠠᠴᠠ ᠡᠷᠴᠢ ᠬᠦᠴᠦᠲᠡᠢ ᠲᠠᠰᠢᠭᠤᠷᠳᠠᠨᠠ
ᠡᠮᠵᠡᠭ ᠪᠤᠷᠤᠭᠤ ᠰᠡᠳᠭᠢᠯᠲᠡᠨ ᠤ ᠡ᠊ᠨᠳᠡᠭᠦᠦ ᠣᠰᠣᠯ ᠢ ᠪᠤᠯᠠᠰᠢᠯᠠᠨᠠ
ᠬᠠᠶᠢᠷᠬᠠᠨ ᠠᠭᠤᠯᠠᠰ ᠤᠨ ᠪᠠᠷ᠎ᠠ ᠬᠠᠷᠠᠭᠠᠨ ᠳᠤ ᠰᠦᠮᠡᠶᠢᠨ ᠪᠥᠷᠲᠥᠯᠵᠡᠵᠦ
ᠬᠠᠳᠠᠨ ᠪᠠᠭᠠᠲᠤᠷ ᠤᠨ ᠳᠦᠷᠢ ᠰᠢᠭ ᠰᠦᠷᠯᠢᠭ ᠵᠢᠪᠬᠤᠭᠠᠲᠠᠢ ᠰᠠᠨᠠᠭᠳᠠᠨ᠎ᠠ
ᠳᠣᠮᠣᠭᠲᠤ ᠪᠤᠭᠤᠷᠤᠯ ᠬᠤᠷᠸ᠎ᠠ ᠲᠤᠲ᠋ᠧᠮ ᠪᠡᠯᠭᠡᠳᠡᠯ ᠤᠴᠢᠷᠯᠠᠵᠤ
ᠲᠤᠤᠯᠢᠰ ᠲᠠᠢ ᠨᠤᠲᠤᠭ ᠤᠨ ᠣᠩᠭᠤᠳ ᠲᠣᠬᠢᠶ᠎ᠠ ᠰᠤᠷᠠᠭ ᠳᠠᠮᠵᠢᠭᠤᠯᠤᠨ᠎ᠠ
ᠣᠳᠣᠳ ᠤᠨ ᠡ᠊ᠩᠬᠦᠷᠡᠢ ᠵᠡᠭᠦᠳᠦ ᠤᠭᠲᠠᠷᠭᠤᠢ ᠠᠴᠠ ᠭᠠᠵᠠᠷ ᠲᠤ ᠨᠡᠭᠦᠨ
ᠤᠶᠠᠬᠠᠨ ᠽᠠᠮᠪᠤᠯᠢᠩ ᠤᠨ ᠬᠥᠷᠥᠰᠥᠨ ᠳᠤ ᠤᠷᠢᠬᠠᠨ ᠬᠠᠪᠤᠷ ᠵᠢᠷᠮᠤᠰᠤᠯᠠᠨᠠ
ᠠᠮᠤᠭᠤᠯᠠᠩ ᠬᠥᠳᠡᠭᠡ ᠲᠠᠯ᠎ᠠ ᠳᠤ ᠠᠭᠲᠠ ᠢᠢᠨ ᠲᠤᠭᠤᠷᠠᠢ ᠳᠠᠴᠢᠭᠢᠨᠠᠵᠤ
ᠠᠶᠠᠰ ᠤᠨ ᠰᠠᠯᠬᠢᠨ ᠤ ᠠᠶ᠎ᠠ ᠪᠠᠷ ᠠᠮᠠᠭᠠᠢ ᠬᠠᠵᠠᠭᠠᠷ ᠬᠠᠩᠭᠢᠨᠠᠨ᠎ᠠ
ᠬᠥᠯᠥᠭ ᠮᠣᠷᠢᠳ ᠤᠨ ᠲᠦᠪᠡᠷᠭᠡᠨ ᠳᠤ ᠬᠤᠯᠠ ᠣᠶᠢᠷ᠎ᠠ ᠪᠤᠳᠠᠩᠲᠤᠨ
ᠬᠥᠳᠡᠭᠡ ᠨᠤᠲᠤᠭ ᠤᠨ ᠪᠠᠶᠢᠳᠠᠯ ᠬᠤᠪᠢ ᠢᠢᠨ ᠭᠠᠳᠠᠨ᠎ᠠ ᠦᠵᠡᠰᠭᠦᠯᠡᠩᠲᠡᠢ
ᠬᠠᠵᠠᠭᠠᠷ ᠤᠨ ᠴᠢᠮᠡᠭᠡ ᠲᠠᠢ ᠯᠠᠪᠰᠠᠯᠠᠬᠤ ᠬᠠᠪᠤᠷ ᠤᠨ ᠴᠡᠩᠬᠡᠷ ᠴᠠᠰᠤ
ᠬᠠᠩᠭᠠᠢ ᠢᠢᠨ ᠠᠭᠤᠳᠠᠮ ᠥᠯᠥᠭᠡᠢ ᠳᠤ ᠬᠠᠶᠢᠷ᠎ᠠ ᠢᠢᠨ ᠪᠦᠪᠡᠢ ᠤᠶᠠᠩᠭᠠᠯᠠᠨ᠎ᠠ᠃
(ᠳᠡᠭᠡᠳᠦ ᠤᠷᠤᠭᠲᠠᠨ ᠣᠳᠬᠤᠨᠪᠠᠶᠠᠷ)