ᠲᠠᠰᠬᠠᠯ ᠪᠤᠯ ᠵᠢᠭᠠᠨ ᠰᠤᠷᠭᠠᠬᠤ ᠠᠵᠢᠯ ᠤᠨ ᠴᠢᠬᠤᠯᠠ ᠨᠢᠬᠡ ᠬᠡᠯᠬᠢᠶ᠎ᠠ ᠮᠦᠨ᠃ ᠲᠠᠰᠬᠠᠯ ᠬᠢᠯᠬᠡᠬᠦ ᠪᠤᠯ ᠰᠤᠷᠤᠭᠴᠢᠳ ᠤᠨ ᠰᠤᠷᠤᠭᠰᠠᠨ ᠮᠡᠳᠡᠯᠬᠡ ᠵᠢ ᠨᠢ ᠪᠠᠳᠤᠳᠬᠠᠵᠤ᠂ ᠤᠯᠠᠨ ᠲᠠᠯ᠎ᠠ ᠵᠢᠨ ᠮᠡᠳᠡᠯᠬᠡ ᠴᠢᠳᠠᠪᠤᠷᠢ ᠵᠢ ᠨᠢ ᠪᠤᠯᠪᠠᠰᠤᠷᠠᠭᠤᠯᠬᠤ ᠳ᠋ᠤ ᠵᠠᠪᠠᠯ ᠶᠠᠪᠤᠬᠤ ᠵᠠᠮ ᠪᠦᠬᠡᠳ ᠬᠢᠬᠦ ᠬᠡᠷᠡᠭᠳᠡᠢ ᠠᠵᠢᠯ ᠶᠤᠮ᠃ ᠡᠨᠡ ᠵᠢᠯ ᠢ ᠬᠢᠬᠦ ᠳᠤ ᠵᠠᠪᠠᠯ ᠪᠤᠳᠠᠳᠤ ᠪᠠᠶᠢᠳᠠᠯ ᠡᠴᠡ ᠡᠬᠦᠰᠦᠨ ᠰᠢᠨᠵᠢᠯᠡᠬᠦ ᠤᠬᠠᠭᠠᠨᠴᠢ ᠪᠡᠷ ᠲᠤᠬᠢᠷᠠᠭᠤᠯᠬᠤ ᠬᠡᠷᠡᠭᠳᠡᠢ᠃ ᠬᠡᠪᠡᠴᠦ ᠰᠤᠷᠤᠭᠴᠢᠳ ᠤᠨ ᠬᠡᠷ ᠤᠨ ᠲᠠᠰᠬᠠᠯ ᠳᠤ ᠪᠢᠴᠯᠬᠡ ᠵᠢᠨ ᠲᠠᠰᠬᠠᠯ ᠢ ᠤᠯᠠᠨ ᠦᠯᠡᠳᠡᠬᠡᠵᠦ ᠰᠤᠷᠤᠭᠴᠢᠳ ᠤᠨ ᠰᠤᠷᠤᠯᠴᠠᠬᠤ ᠷᠮᠠ ᠵᠢ ᠬᠤᠭᠤᠯᠬᠤ᠂ ᠪᠡᠶ᠎ᠡ ᠰᠡᠳᠬᠢᠯ ᠤᠨ ᠬᠢᠨᠢ ᠡᠷᠡᠬᠦᠯ ᠵᠢᠡᠷ ᠬᠦᠭᠵᠢᠬᠦ ᠳᠤ ᠠᠰᠢᠭ ᠦᠬᠡᠢ ᠦᠢᠯᠡᠳᠦᠯ ᠦᠵᠡᠬᠦᠯᠬᠦ ᠪᠠᠶᠢᠳᠠᠯ ᠤᠷᠤᠰᠢᠵᠤ ᠪᠠᠶᠢᠨ᠎ᠠ᠃
ᠪᠢᠴᠢᠯᠬᠡ ᠵᠢᠨ ᠲᠠᠰᠬᠠᠯ ᠤᠯᠠᠨ ᠦᠯᠡᠳᠡᠬᠡᠳᠡᠭ ᠪᠠᠭᠰᠢ ᠨᠠᠷ ᠡᠳᠦᠷ ᠤᠨ ᠬᠢᠴᠢᠶᠡᠯ ᠵᠢᠡᠨ ᠲᠠᠭᠤᠰᠤᠮᠠᠭᠴᠠ ᠠᠯᠢ ᠠᠯᠢ ᠬᠢᠴᠢᠶᠡᠯ ᠢ ᠬᠤᠶᠠᠷ ᠤᠳᠠᠭ᠎ᠠ ᠬᠠᠭᠤᠯᠵᠤ ᠪᠢᠴᠢ ᠬᠡᠬᠦ ᠪᠤᠶᠤ ᠡᠰᠡᠬᠦᠯ᠎ᠠ ᠠᠯᠢ ᠠᠯᠢ ᠦᠬᠡᠰ ᠢ ᠬᠤᠶᠠᠷ ᠤᠳᠠᠭ᠎ᠠ ᠪᠢᠴᠢ ᠬᠡᠰᠡᠨ ᠤᠯᠠᠨ ᠠᠷᠪᠢᠨ ᠬᠡᠷ ᠤᠨ ᠲᠠᠰᠬᠠᠯ ᠦᠯᠡᠳᠡᠬᠡᠳᠡᠭ᠃ ᠰᠤᠷᠤᠭᠴᠢᠳ ᠬᠡᠷ ᠲᠡᠭᠡᠨ ᠬᠠᠷᠢᠮᠠᠭᠴᠠ ᠰᠢᠷᠡᠬᠡᠨ ᠲᠡᠭᠡᠷ᠎ᠡ ᠪᠠᠨ ᠡᠯᠢᠬᠡᠳᠡᠨ ᠲᠠᠰᠬᠠᠯ ᠵᠢᠠᠨ ᠬᠢᠳᠡᠭ᠃ ᠢᠯᠠᠡᠭᠭᠤᠶᠠ ᠡᠪᠦᠯ ᠤᠨ ᠬᠤᠭᠤᠴᠠᠭᠠᠨ ᠳᠤ ᠰᠤᠷᠭᠠᠭᠤᠯᠢ ᠨᠡᠯᠢᠶᠡᠳ ᠤᠷᠤᠢ︵ᠨᠠᠷᠠ ᠤᠨᠠᠬᠤ ᠦᠶ᠎ᠡ ᠳᠤ︶ᠲᠠᠷᠬᠠᠬᠤ ᠲᠤᠯᠠ ᠬᠡᠷ ᠲᠡᠭᠡᠨ ᠢᠷᠡᠮᠡᠭᠴᠡ ᠴᠠᠬᠢᠯᠭᠠᠨ ᠳ᠋ᠸᠡᠭ ᠤᠨ ᠲᠤᠤᠷ᠎ᠠ ᠲᠠᠰᠬᠠᠯ ᠬᠢᠬᠦ ᠨᠢ ᠲᠡᠲᠡᠨ ᠤ ᠪᠠᠶ᠎ᠠ ᠮᠠᠬᠠᠪᠤᠳ ᠲᠸ᠋ ᠲᠤᠡᠭ ᠠᠰᠢᠭ ᠦᠬᠡᠢ᠂ ᠰᠤᠷᠤᠭᠴᠢᠳ ᠤᠨ ᠬᠠᠷᠠᠭ᠎ᠠ ᠵᠢ ᠶᠡᠬᠡᠪᠡᠷ ᠮᠠᠭᠤᠳᠠᠭᠤᠯᠳᠠᠭ᠃ ᠵᠠᠷᠢᠮ ᠳᠠᠭᠠᠨ ᠤᠯᠠᠡᠭᠭᠢ ᠰᠤᠷᠤᠭᠴᠢᠳ ᠡᠳᠡᠬᠡᠷ ᠤᠯᠠᠨ ᠲᠠᠰᠬᠠᠯ ᠵᠢᠠᠨ ᠪᠦᠷᠢᠨ ᠬᠦᠢᠴᠡᠳ ᠬᠢᠭᠰᠡᠨ ᠦᠬᠡᠢ ᠪᠤᠯᠵᠤ᠂ ᠪᠠᠭᠰᠢ ᠳ᠋ᠠᠭᠠᠨ ᠰᠢᠬᠦᠮᠵᠢᠯᠡᠭᠳᠡᠬᠡᠳ ᠤᠶᠤᠨ ᠰᠠᠨᠠᠭᠠᠨ ᠲᠡᠭᠡᠷ᠎ᠡ ᠪᠡᠨ ᠲᠠᠷᠤᠭᠠᠰᠤ ᠲᠠᠢ ᠪᠤᠯᠳᠠᠭ᠃ ᠵᠠᠷᠢᠮ ᠨᠢ ᠪᠦᠷᠢᠨ ᠬᠢᠴᠢᠬᠡᠯᠠ ᠬᠡᠳ ᠲᠤᠷ᠎ᠠ ᠠᠯᠳᠠᠷᠠᠭᠰᠠᠨ ᠪᠠᠶᠢᠳᠠᠯ ᠳᠤ ᠠᠯᠪᠠ ᠪᠡᠷ ᠬᠢᠭᠰᠡᠨ ᠲᠤᠯᠠ ᠦᠴᠦᠬᠡᠨ ᠴᠸ ᠰᠠᠭᠤᠭᠳᠠᠯ ᠦᠬᠡᠢ ᠪᠠᠶᠢᠳᠠᠭ᠃
ᠮᠠᠭᠳᠠᠭᠠᠯ ᠰᠠᠶᠢᠰᠢᠶᠠᠯ ᠪᠤᠯ ᠰᠤᠷᠤᠭᠴᠢᠳ ᠲᠸ᠋ ᠯᠤᠳᠤ ᠵᠤᠷᠢᠭᠵᠢᠭᠤᠯᠤᠯ ᠪᠤᠯᠬᠤ ᠶᠤᠮ᠃ ᠢᠡᠭᠭᠢᠵᠦ ᠬᠡᠯᠡᠵᠦ ᠪᠠᠶᠢᠭ᠎ᠠ ᠨᠢ ᠰᠤᠷᠤᠭᠴᠢᠳ ᠢ ᠲᠠᠡᠭᠳᠠ ᠮᠠᠭᠳᠠᠵᠤ ᠰᠠᠶᠢᠰᠢᠶᠠᠬᠤ ᠬᠡᠷᠡᠭᠳᠡᠢ᠂ ᠪᠤᠷᠤᠭᠤ ᠵᠢ ᠨᠢ ᠰᠢᠬᠦᠮᠵᠢᠯᠡᠵᠦ ᠪᠤᠯᠬᠤ ᠦᠬᠡᠢ ᠬᠡᠰᠡᠨ ᠶᠠᠪᠤᠳᠠᠯ ᠪᠢᠰᠢ᠃ ᠬᠡᠪᠡᠴᠦ ᠲᠠᠰᠬᠠᠯ ᠬᠡᠳᠦᠷᠬᠡᠢ ᠤᠯᠠᠳᠠᠭᠰᠠᠨ ᠡᠴᠡ ᠰᠤᠷᠤᠭᠴᠢᠳ ᠪᠡᠶᠡᠯᠡᠬᠦᠯᠵᠦ ᠴᠢᠳᠠᠭᠰᠠᠨ ᠦᠬᠡᠢ ᠪᠠᠶᠢᠳᠠᠯ ᠳᠤ ᠰᠤᠷᠤᠭᠴᠢᠳ ᠢ ᠰᠢᠬᠦᠮᠵᠢᠯᠡᠬᠦ ᠨᠢ ᠪᠠᠭ᠎ᠠ ᠬᠡᠦᠬᠡᠳ ᠤᠨ ᠪᠠᠶ᠎ᠠ ᠰᠡᠳᠬᠢᠴᠡ ᠵᠢᠨ ᠡᠷᠡᠬᠦᠯ ᠰᠠᠷᠠᠭᠤᠯ ᠳᠤ ᠠᠰᠢᠭ ᠦᠬᠡᠢ᠃ ᠬᠠᠭᠤᠴᠢ ᠦᠬᠡᠨ ᠳᠤ ︽ᠬᠦᠮᠦᠨ ᠤ ᠨᠢᠭᠤᠷ ᠲᠸ᠋ ᠪᠤᠷᠬᠠᠨ ᠲᠠᠢ᠂ ᠪᠤᠷᠬᠠᠨ ᠤ ᠨᠢᠭᠤᠷ ᠲᠸ᠋ ᠠᠯᠳᠠ ᠲᠠᠢ︾ ᠬᠡᠳᠡᠭ ᠪᠢᠰᠢᠦ᠃
ᠵᠢᠭᠠᠨ ᠰᠤᠷᠭᠠᠭᠰᠠᠨ ᠦᠢᠯᠡᠳᠦᠯᠬᠡ ᠡᠴᠡ ᠦᠵᠡᠪᠡᠯ ᠪᠠᠭᠰᠢ ᠨᠢ ᠬᠡᠷ ᠤᠨ ᠲᠠᠰᠬᠠᠯ ᠢ ᠲᠤᠬᠢᠷᠠᠮᠵᠢᠳᠠᠢ ᠦᠯᠡᠳᠡᠬᠡᠪᠡᠯ᠂ ᠰᠤᠷᠤᠭᠴᠢᠳ ᠤᠨ ᠰᠤᠷᠤᠯᠴᠠᠬᠤ ᠤᠷᠮᠠᠰᠢᠯ ᠢ ᠬᠦᠭᠵᠢᠬᠡᠵᠦ ᠴᠢᠳᠠᠳᠠᠭ᠃ ᠵᠠᠷᠢᠮ ᠦᠶᠡᠰ ᠰᠤᠷᠤᠭᠴᠢᠳ ᠲᠸ᠋ ᠲᠠᠰᠬᠠᠯ ᠦᠯᠡᠳᠡᠬᠡᠪᠡᠯ ᠲᠡᠲᠡ ︽ᠪᠠᠭᠰᠢ ᠡ᠂ ᠤᠳᠤ ᠪᠠᠰᠠ ᠬᠡᠳᠦᠨ ᠰᠡᠳᠦᠪ ᠦᠭᠴᠢᠬᠡ︕ XXᠰᠡᠳᠦᠪ ᠢ ᠪᠠᠰᠠ ᠬᠢᠯᠬᠡᠴᠢᠬᠡ︕︾ ᠬᠡᠳᠡᠭ᠃ ᠡᠨᠡ ᠦᠶᠡᠰ ᠰᠤᠷᠤᠭᠴᠢᠳ ᠤᠨ ᠲᠠᠰᠬᠠᠯ ᠬᠢᠬᠦ ᠤᠷᠮ᠎ᠠ ᠵᠢ ᠤᠯᠠᠮ ᠬᠦᠭᠵᠢᠬᠡᠬᠦ ᠵᠢᠨ ᠲᠦᠯᠦᠬᠡ ᠠᠷᠪᠢᠨ ᠰᠡᠳᠦᠪ ᠦᠯᠡᠳᠡᠬᠡᠵᠦ ᠬᠠᠰᠢᠷᠠᠭᠠᠬᠤ ᠪᠢᠰᠢ᠂ ᠬᠠᠷᠢᠨ ᠲᠡᠲᠡᠨ ᠳᠤ ︽ᠲᠠᠨᠠᠷ ᠡᠳᠡᠬᠡᠷ ᠲᠠᠰᠬᠠᠯ ᠵᠢᠠᠨ ᠪᠦᠷᠢᠨ ᠬᠦᠢᠴᠡᠳ ᠬᠢᠨᠠᠮᠠᠭᠠᠢ ᠬᠢᠬᠡᠳ ᠢᠷᠡᠪᠡᠯ ᠪᠤᠯᠴᠢᠬᠠᠨ᠎ᠠ᠂ ᠪᠠᠰᠠ ᠰᠡᠳᠦᠪ ᠨᠡᠮᠡᠵᠦ ᠬᠢᠯᠬᠡᠪᠡᠯ ᠲᠠᠠᠨᠷ ᠤᠨ ᠠᠮᠠᠷᠠᠬᠤ ᠴᠠᠭ ᠨᠠᠭᠠᠳᠬᠤ ᠴᠠᠭ ᠢ ᠨᠦᠯᠦᠬᠡᠯᠡᠨ᠎ᠠ ᠰᠢᠦ︾ ᠬᠡᠵᠦ ᠲᠠᠶᠢᠯᠪᠤᠷᠢᠯᠠᠬᠤ ᠴᠢᠬᠤᠯᠠ ᠲᠠᠢ᠃ ᠢᠡᠭᠭᠢᠪᠡᠯ ᠤᠯᠠᠡᠭᠭᠢ ᠰᠤᠷᠤᠭᠴᠢᠳ ᠲᠠᠰᠬᠠᠯ ᠵᠢᠠᠨ ᠵᠦᠪ ᠴᠡᠪᠡᠷ᠂ ᠪᠦᠷᠢᠨ ᠬᠦᠢᠴᠡᠳ ᠬᠢᠵᠦ᠂ ᠪᠤᠷᠤᠭᠤ ᠬᠢᠭᠰᠡᠨ ᠨᠢ ᠴᠸ ᠦᠴᠦᠬᠡᠨ ᠴᠸ ᠠᠯᠪᠠ ᠬᠠᠭᠠᠭᠰᠠᠨ ᠪᠠᠶᠢᠳᠠᠯ ᠢᠯᠡᠷᠡᠳᠡᠭ ᠦᠬᠡᠢ᠃ ᠡᠶᠢᠮᠦᠷᠬᠦᠦ ᠲᠤᠷ᠎ᠠ ᠪᠠᠬ᠎ᠠ ᠲᠠᠢ᠂ ᠤᠷᠮ᠎ᠠ ᠵᠤᠷᠢᠭ ᠲᠠᠢ ᠪᠠᠶᠢᠳᠠᠯ ᠳᠤ ᠬᠢᠭᠰᠡᠨ ᠲᠠᠰᠬᠠᠯ ᠨᠢ ᠰᠠᠭᠤᠭᠳᠠᠯ ᠵᠢᠡᠷ ᠰᠡᠶᠢᠨ ᠪᠠᠶᠢᠳᠠᠭ᠃
︽ᠲᠠᠰᠬᠠᠯ ᠬᠢᠬᠦ ᠪᠤᠯ ᠨᠢᠬᠡᠨ ᠪᠠᠬ᠎ᠠ ᠲᠠᠢ ᠠᠵᠢᠯ ᠮᠦᠨ︾ ᠬᠡᠰᠡᠨ ᠢ ᠰᠤᠷᠤᠭᠴᠢᠳ ᠤᠬᠠᠮᠰᠠᠷ ᠡᠴᠡ ᠪᠠᠨ ᠲᠤᠲᠤᠷᠬᠠᠢ ᠲᠠᠨᠢᠴᠢᠬᠠᠪᠠᠯ ᠰᠡᠶᠢᠨ ᠬᠢᠬᠦ ᠪᠡᠷ ᠴᠢᠷᠮᠠᠶᠢᠵᠤ᠂ ᠲᠠᠰᠬᠠᠯ ᠤᠨ ᠵᠢᠠᠨ ᠵᠦᠪ ᠴᠡᠪᠡᠷ ᠢ ᠬᠠᠷᠢᠯᠴᠠᠨ ᠠᠳᠠᠯᠢᠳᠬᠠᠵᠤ᠂ ᠨᠢᠬᠡ ᠨᠢᠬᠡ ᠪᠠᠨ ᠲᠠᠪᠠᠬᠤ ᠪᠡᠷ ᠮᠡᠷᠡᠶᠢᠳᠡᠭ᠃ ᠡᠨᠡ ᠨᠢ ᠵᠢᠭᠠᠨ ᠰᠤᠷᠭᠠᠬᠤ ᠶᠠᠰᠤ ᠴᠢᠨᠠᠷ ᠤᠨ ᠲᠡᠭᠡᠭᠰᠢᠯᠡᠯᠳᠡ ᠵᠢ ᠠᠬᠢᠭᠤᠯᠬᠤ ᠳᠤ ᠴᠢᠬᠤᠯᠠ ᠦᠢᠯᠡᠳᠦᠯ ᠦᠵᠡᠬᠦᠯᠳᠡᠭ᠃
ᠲᠠᠰᠬᠠᠯ ᠦᠯᠡᠳᠡᠬᠡᠬᠦ ᠳ᠋ᠡᠭᠡᠨ ᠡᠷᠬᠡᠪᠰᠢ ᠰᠤᠷᠤᠭᠴᠢᠳ ᠤᠨ ᠤᠷᠮ᠎ᠠ ᠪᠠᠭ᠎ᠠ ᠵᠢ ᠬᠦᠭᠵᠢᠬᠡᠬᠦ ᠪᠠ ᠤᠷᠮ᠎ᠠ ᠪᠠᠭ᠎ᠠ ᠭᠦᠭᠵᠢᠨᠭᠭᠦᠢ ᠪᠡᠷ ᠲᠤᠰᠬᠠᠯ ᠬᠢᠯᠬᠡᠬᠦ ᠠᠷᠭ᠎ᠠ ᠵᠢ ᠰᠦᠪᠡᠭᠴᠢᠯᠡᠬᠦ ᠨᠢ ᠵᠢᠭᠠᠨ ᠰᠤᠷᠭᠠᠬᠤ ᠠᠵᠢᠯ ᠤᠨ ᠴᠢᠬᠤᠯᠠ ᠨᠢᠬᠡᠨ ᠠᠨᠢᠰᠤ ᠪᠤᠯᠤᠨ᠎ᠠ᠃ ᠲᠠᠰᠬᠠᠯ ᠤᠨ ᠤᠪᠤᠭ᠎ᠠ ᠪᠤᠰᠬᠠᠵᠤ ᠴᠢᠯᠡᠬᠡ ᠲᠠᠢ ᠠᠵᠢᠯ ᠬᠢᠯᠬᠡᠬᠦ ᠨᠢ ᠪᠠᠭ᠎ᠠ ᠬᠡᠦᠬᠡᠳ ᠤᠨ ᠡᠷᠡᠭᠦᠯ ᠴᠢᠬᠢᠷᠠᠭ ᠲᠸ᠋ ᠰᠡᠶᠢᠨ ᠦᠬᠡᠢ ᠮᠦᠷᠳᠡᠬᠡᠨ ᠪᠠᠭᠰᠢ ᠵᠢᠨ ᠪᠠᠶ᠎ᠠ ᠰᠡᠳᠬᠢᠴᠡ ᠳ᠋ᠸ ᠴᠸ ᠠᠰᠢᠭ ᠦᠬᠡᠢ ᠶᠤᠮ᠃ ᠪᠢᠴᠢᠯᠬᠡ ᠵᠢᠨ ᠲᠠᠰᠬᠠᠯ ᠮᠡᠳᠦ ᠵᠢᠨ ᠠᠳᠠᠯᠢᠬᠠᠨ ᠠᠭᠤᠯᠭ᠎ᠠ ᠵᠢ ᠲᠠᠬᠢᠨ ᠲᠠᠪᠳᠠᠭᠰᠠᠨ ᠲᠠᠰᠬᠠᠯ ᠡᠴᠡ ᠪᠠᠭᠰᠢ ᠤᠨᠴᠠᠭᠠᠢ ᠠᠰᠠᠭᠤᠳᠠᠯ ᠢ ᠢᠯᠡᠷᠡᠬᠦᠯᠵᠦ ᠴᠢᠳᠠᠬᠤ ᠦᠬᠡᠢ ᠮᠦᠷᠳᠡᠬᠡᠨ ᠴᠠᠭ ᠵᠢᠠᠨ ᠶᠡᠬᠡᠬᠡᠨ ᠭᠠᠷᠤᠵᠠᠳᠠᠭᠤᠯᠳᠠᠭ᠃ ᠡᠶᠢᠮᠦ ᠡᠴᠡ ᠰᠤᠷᠤᠭᠴᠢᠳ ᠲᠸ᠋ ᠮᠢᠡᠭᠭᠠᠨ ᠰᠡᠳᠦᠪ ᠢ ᠤᠷᠮ᠎ᠠ ᠦᠬᠡᠢ ᠬᠢᠯᠬᠡᠬᠦ ᠵᠢᠨ ᠤᠷᠤᠨ ᠳᠤ ᠨᠢᠬᠡᠨ ᠰᠡᠳᠦᠪ ᠢ ᠪᠠᠬ᠎ᠠ ᠲᠠᠢ ᠴᠢᠨᠠᠷ ᠲᠠᠢ ᠬᠢᠯᠬᠡᠬᠦ ᠨᠢ ᠵᠢᠭᠠᠨ ᠰᠤᠷᠭᠠᠬᠤ ᠳᠤ ᠠᠰᠢᠭ ᠲᠠᠢ ᠪᠠᠶᠢᠳᠠᠭ᠃