ᠡᠬᠡ ᠣᠷᠣᠨ ᠮᠢᠨᠤ

 ᠄ 2026-09-29 07:34:01


ᠠᠭᠤᠤ ᠵᠢᠷᠤᠭ ᠤᠨ ᠬᠠᠢᠷ᠎ᠠ ᠶ᠋ᠢᠨ ᠬᠣᠷᠸ᠎ᠠ

ᠳᠤᠷ᠎ᠠ ᠪᠠᠬᠠᠷᠬᠠᠯ ᠤᠨ ᠴᠡᠴᠡᠭ᠍ᠲᠦ ᠪᠠᠢᠭᠠᠯᠢ

ᠵᠢᠭᠦᠷᠲᠡᠨ ᠰᠢᠪᠠᠭᠤᠳ ᠨᠢ ᠤᠢ ᠮᠣᠳᠣ ᠲᠠᠢ ᠪᠠᠨ

ᠵᠢᠷᠦᠬᠡ ᠰᠡᠳᠬᠢᠯ ᠢᠶᠠᠷ ᠢᠶᠠᠨ ᠡᠶ᠎ᠡ ᠨᠠᠢᠷᠠᠮᠳᠠᠭᠤ

        ᠡᠬᠡ ᠣᠷᠣᠨ ᠮᠢᠨᠤ

ᠡᠭᠡᠨᠡᠭ᠍ᠲᠡ ᠠᠮᠤᠭᠤᠯᠠᠩ 


ᠠᠭᠤᠯᠠᠰ ᠪᠦᠭᠦᠨ ᠨᠢ ᠡᠷ᠎ᠡ ᠶ᠋ᠢᠨ ᠰᠦᠷ ᠢᠶᠠᠷ ᠰᠦᠨᠳᠡᠷᠯᠡᠭ᠍ᠰᠡᠨ

ᠤᠷᠤᠰᠬᠠᠯᠲᠤ ᠭᠣᠣᠯ ᠨᠢ ᠡᠵᠢ ᠶ᠋ᠢᠨ ᠬᠠᠢᠷ᠎ᠠ ᠪᠠᠷ ᠳᠣᠯᠭᠢᠶᠠᠯᠠᠭᠰᠠᠨ

ᠠᠪᠤ ᠳᠡᠭᠡᠳᠦ ᠶ᠋ᠢᠨ ᠮᠢᠨᠢ ᠠᠯᠳᠠᠨ ᠭᠣᠯᠣᠮᠲᠠ

ᠠᠰᠢᠳᠠ ᠪᠠᠳᠠᠷᠠᠭᠤᠨ ᠲᠡᠭ᠍ᠷᠢᠯᠢᠭ ᠵᠠᠶᠠᠭᠠᠨ ᠤ ᠥᠯᠥᠭᠡᠢ

ᠡᠬᠡ ᠣᠷᠣᠨ ᠮᠢᠨᠤ

ᠡᠭᠡᠨᠡᠭ᠍ᠲᠡ ᠵᠢᠷᠭᠠᠯᠠᠩ


ᠠᠳᠬᠤ ᠰᠢᠷᠣᠢ ᠨᠢ ᠴᠤ ᠠᠯᠳᠠ ᠡᠴᠡ ᠦᠨᠡᠲᠡᠢ

ᠠᠳᠤᠭᠤ ᠮᠠᠯ ᠤᠨ ᠪᠠᠶᠠᠨ ᠬᠥᠷᠥᠩᠭᠡ ᠲᠠᠢ

ᠠᠶᠠᠨ ᠤ ᠰᠢᠪᠠᠭᠤᠳ ᠨᠢ ᠴᠤ ᠨᠠᠢᠢᠷᠠᠯ ᠡᠭᠡᠰᠢᠭ ᠲᠠᠢ

ᠠᠪᠤᠷᠭᠤ ᠪᠥᠬᠡᠴᠦᠳ ᠨᠢ ᠳᠠᠶᠠᠩ ᠳ᠋ᠥ ᠴᠤᠣ ᠲᠠᠢ

ᠡᠬᠡ ᠣᠷᠣᠨ ᠮᠢᠨᠤ

ᠡᠭᠡᠨᠡᠭ᠍ᠲᠡ ᠣᠮᠣᠭᠯᠠᠩ


ᠭᠠᠷ ᠢ ᠨᠢ ᠭᠠᠨᠵᠤᠭᠠᠨ ᠳ᠋ᠥ ᠬᠥᠯ ᠢ ᠨᠢ ᠳᠥᠷᠥᠭᠡᠨ ᠳ᠋ᠥ

ᠲᠤᠷᠪᠢᠳᠠᠢᠬᠠᠨ ᠬᠦᠷᠭᠡᠭ᠍ᠰᠡᠨ ᠰᠢᠮ᠎ᠡ ᠲᠡᠵᠢᠭᠡᠯᠲᠦ ᠪᠣᠷᠣ ᠬᠥᠷᠥᠰᠥ

ᠨᠠᠢᠢᠷᠲᠠᠢ ᠵᠢᠷᠭᠠᠵᠤ ᠬᠠᠢᠷᠠᠲᠠᠢ ᠮᠥᠩᠬᠡᠷᠡᠬᠦ ᠰᠠᠢᠬᠠᠨ ᠣᠷᠣᠨ

ᠭᠠᠯᠪᠠ ᠳ᠋ᠥ ᠭᠠᠭᠴᠠᠬᠠᠨ ᠪᠤᠶᠠᠨ ᠵᠢᠷᠭᠠᠯ ᠤᠨ ᠮᠢᠨᠢ ᠳ᠋ᠧᠪᠡᠵᠡᠨ

ᠡᠬᠡ ᠣᠷᠣᠨ ᠮᠢᠨᠢ

ᠡᠭᠡᠨᠡᠭ᠍ᠲᠡ ᠲᠠᠢᠪᠤᠩ  

                       (ᠴᠢ᠊· ᠬᠤᠷᠴᠠᠪᠠᠭᠠᠲᠤᠷ)