ᠠᠵᠢᠯ ᠣᠯᠭᠣᠯᠲᠠ᠂ ᠢᠳᠡᠭᠡᠨ ᠪᠠ ᠡᠮ ᠦᠨ ᠵᠦᠢᠯᠡᠰ᠂ ᠣᠷᠴᠢᠨ ᠲᠣᠭᠣᠷᠢᠨ ᠤ ᠬᠠᠮᠠᠭᠠᠯᠠᠯᠲᠠ᠂ ᠦᠢᠯᠡᠳᠪᠦᠷᠢᠯᠡᠯ ᠠᠮᠢᠳᠤᠷᠠᠯ ᠤᠨ ᠠᠮᠤᠷ ᠲᠦᠪᠰᠢᠨ ᠪᠣᠯ ᠠᠷᠠᠳ ᠤᠯᠠᠨ ᠤ ᠣᠨᠴᠠᠭᠠᠢ ᠠᠩᠬᠠᠷᠴᠤ ᠪᠠᠶᠢᠭ᠎ᠠ ᠶᠠᠪᠤᠳᠠᠯ ᠪᠣᠯᠤᠨ᠎ᠠ᠂ ᠨᠠᠰᠤᠲᠠᠶᠢᠴᠤᠳ᠂ ᠬᠥᠯᠥᠰᠥᠨ ᠠᠵᠢᠯᠴᠢᠨ᠂ ᠡᠮᠡᠭ᠍ᠲᠡᠶᠢᠴᠦᠳ ᠬᠡᠦᠬᠡᠳ ᠪᠣᠯ ᠬᠠᠮᠠᠭᠠᠯᠠᠬᠤ ᠴᠢᠬᠤᠯᠠᠲᠠᠢ ᠭᠣᠣᠯᠳᠠᠯᠭ᠎ᠠ ᠲᠠᠶ ᠬᠥᠮᠦᠰ ᠪᠣᠯᠤᠨ᠎ᠠ᠃ ᠠᠷᠠᠳ ᠤᠨ ᠠᠮᠢᠳᠤᠷᠠᠯ ᠢ ᠪᠠᠲᠤᠯᠠᠬᠤ ᠪᠠ ᠣᠨᠴᠠᠭᠠᠶ ᠬᠠᠮᠲᠤᠯᠢᠭ ᠤᠨ ᠡᠷᠬᠡ ᠠᠰᠢᠭ ᠢ ᠬᠠᠮᠠᠭᠠᠯᠠᠬᠤ ᠪᠣᠯ ᠢᠮᠠᠭᠲᠠ ᠣᠷᠳᠣᠰ ᠬᠣᠲᠠ ᠢᠢᠨ ᠳ᠋ᠦᠩᠱᠧᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶᠠᠨ ᠤ ᠠᠷᠠᠳ ᠤᠨ ᠠᠮᠢᠳᠤᠷᠠᠯ ᠤᠨ ᠲᠠᠩᠰᠠ ᠢᠢ ᠨᠠᠷᠢᠨ ᠪᠤᠳᠤᠬᠤ᠂ ᠠᠷᠠᠳ ᠤᠨ ᠰᠡᠳᠭᠢᠯ ᠦᠨ ᠲᠠᠩᠰᠠ ᠢᠢ ᠰᠠᠶᠢᠲᠤᠷ ᠪᠤᠳᠤᠬᠤ ᠢᠢᠨ ᠰᠠᠭᠤᠷᠢ ᠪᠣᠯᠤᠭᠰᠠᠭᠠᠷ ᠢᠷᠡᠵᠡᠢ᠃
ᠠᠷᠠᠳ ᠢᠷᠭᠡᠳ ᠦᠨ ︽ᠬᠤᠸᠠᠷ ᠫᠤᠤᠵᠢᠩ︾᠋ ᠢ ᠰᠠᠬᠢᠨ ᠬᠠᠮᠠᠭᠠᠯᠠᠵᠤ ᠰᠢᠲᠠᠮᠠᠬᠠᠢ ᠬᠡᠢ ᠢᠢᠨ ︽ᠠᠮᠤᠷ ᠲᠦᠪᠰᠢᠨ ᠦ ᠨᠡᠭᠡᠯᠡᠬᠡᠢ︾ ᠵᠢ ᠴᠢᠩᠭᠠᠯᠠᠬᠤ ᠬᠡᠷᠡᠭ᠍ᠲᠡᠢ
ᠠᠶᠤᠯᠲᠠᠶ ᠠᠷᠭ᠎ᠠ ᠪᠠᠷ ᠣᠯᠠᠨ ᠨᠡᠶᠢᠲᠡ ᠢᠢᠨ ᠠᠮᠤᠷ ᠲᠦᠪᠰᠢᠨ ᠳᠦ ᠬᠣᠸᠷ ᠬᠥᠨᠥᠭᠡᠯ ᠤᠴᠠᠷᠠᠭᠤᠯᠤᠭᠰᠠᠨ ᠨᠢᠭᠡᠨ ᠡᠷᠡᠭᠦᠥ ᠢᠢᠨ ᠬᠡᠷᠡᠭ ᠢ ᠰᠢᠢᠳᠪᠦᠷᠢᠯᠡᠬᠦ ᠶᠠᠪᠤᠴᠠ ᠳᠤ ᠳ᠋ᠦᠩᠱᠧᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶᠠᠨ ᠤ ᠡᠷᠡᠭᠦᠥ ᠢᠢᠨ ᠬᠡᠷᠡᠭ ᠦᠨ ᠪᠠᠶᠢᠴᠠᠭᠠᠬᠤ ᠰᠠᠯᠠᠭ᠎ᠠ ᠮᠥᠴᠢᠷ ᠨᠢ ᠬᠠᠷᠢᠶᠠᠲᠤ ᠣᠷᠣᠨ ᠤ ᠳᠣᠲᠣᠷᠠᠬᠢ ᠰᠢᠲᠠᠮᠠᠬᠠᠶ ᠬᠡᠶ ᠢᠢᠨ ᠡᠵᠡᠩᠨᠡᠯᠲᠡ ᠢᠢᠨ ᠠᠵᠤ ᠠᠬᠤᠶᠢᠯᠠᠯ ᠣᠷᠳᠣ ᠬᠤᠭᠤᠴᠠᠭ᠎ᠠ ᠪᠠᠷ ᠡᠷᠦᠬᠡ ᠳᠦ ᠣᠷᠣᠵᠤ ᠠᠮᠤᠷ ᠲᠦᠪᠰᠢᠨ ᠦ ᠪᠠᠶᠢᠴᠠᠭᠠᠯᠲᠠ ᠬᠢᠭ᠍ᠰᠡᠨ ᠥᠬᠡᠶ ᠪᠠᠶᠢᠬᠤ ᠢᠢ ᠣᠯᠵᠤ ᠮᠡᠳᠡᠭᠡᠳ᠂ ︽ᠭᠤᠷᠪᠠᠨ ᠪᠠᠶᠢᠴᠠᠭᠠᠯᠲᠠ ᠢᠢ ᠨᠡᠶᠢᠯᠡᠭᠦᠯᠬᠦ︾ ᠲᠣᠭᠲᠠᠴᠠ ᠢᠢ ᠦᠨᠳᠦᠰᠦᠯᠡᠨ ᠰᠦᠪᠡᠭ᠍ᠴᠢ ᠢᠢ ᠨᠡᠶᠢᠲᠡ ᠢᠢᠨ ᠠᠰᠠᠷᠠᠮᠵᠢ ᠢᠢᠨ ᠵᠠᠷᠭᠤ ᠢᠢᠨ ᠪᠠᠶᠢᠴᠠᠭᠠᠬᠤ ᠰᠠᠯᠠᠭ᠎ᠠ ᠮᠥᠴᠢᠷ ᠲᠦ ᠰᠢᠯᠵᠢᠭᠦᠯᠦᠨ ᠬᠦᠷᠭᠡᠪᠡ᠃ ᠪᠠᠶᠢᠴᠠᠭᠠᠬᠤ ᠲᠤᠰᠢᠶᠠᠯᠲᠠᠨ ᠪᠠᠶᠢᠴᠠᠭᠠᠯᠲᠠ ᠢᠢᠨ ᠠᠰᠠᠭᠤᠯᠲᠠ ᠢᠢᠨ ᠬᠠᠭᠤᠳᠠᠰᠤ ᠲᠠᠷᠬᠠᠭᠠᠵᠤ ᠰᠦᠪᠡᠭ᠍ᠴᠢ ᠳᠦ ᠠᠩᠬ᠎ᠠ ᠠᠯᠬᠤᠮ ᠤᠨ ᠪᠠᠶᠢᠴᠠᠭᠠᠯᠲᠠ ᠬᠢᠵᠦ᠂ ᠶᠡᠷᠦᠩᠬᠡᠶᠢᠯᠡᠨ ᠰᠤᠳᠤᠯᠤᠨ ᠮᠠᠭᠠᠳᠯᠠᠵᠤ ᠦᠨᠡᠯᠡᠨ ᠵᠢᠱᠢᠬᠦ ᠪᠡᠷ ᠳᠡᠮᠵᠢᠨ᠂ ᠰᠢᠲᠠᠮᠠᠬᠠᠶ ᠬᠡᠶ ᠢᠢᠨ ᠠᠮᠤᠷ ᠲᠦᠪᠰᠢᠨ ᠳᠦ ᠲᠤᠰᠬᠠᠶ ᠬᠢᠨᠠᠯᠲᠠ ᠲᠠᠯᠪᠢᠬᠤ ᠠᠵᠢᠯᠯᠠᠭ᠎ᠠ ᠥᠷᠨᠢᠭᠦᠯᠵᠦ᠂ ᠠᠷᠠᠳ ᠣᠯᠠᠨ ᠤ ᠪᠡᠶ᠎ᠡ ᠮᠠᠬᠠᠪᠣᠳ ᠪᠠ ᠡᠳ᠋ ᠬᠥᠷᠥᠩᠭᠡ ᠢᠢᠨ ᠠᠮᠤᠷ ᠲᠦᠪᠰᠢᠨ ᠢ ᠦᠨᠡᠨ ᠬᠦ ᠪᠠᠲᠤᠯᠠᠭᠰᠠᠨ ᠪᠠᠶᠢᠨ᠎ᠠ᠃
ᠪᠣᠳᠠᠲᠤ ᠪᠠᠶᠢᠳᠠᠯ ᠢ ᠣᠶᠢᠯᠠᠭᠠᠬᠤ ᠪᠣᠯ ᠲᠤᠰ ᠤᠳᠠᠭᠠᠨ ᠤ ᠲᠤᠰᠬᠠᠶ ᠬᠢᠨᠠᠯᠲᠠ ᠲᠠᠯᠪᠢᠬᠤ ᠠᠵᠢᠯᠯᠠᠭ᠎ᠠ ᠢᠢᠨ ᠬᠥᠳᠡᠯᠭᠡᠬᠦ ᠬᠦᠴᠦᠨ ᠮᠥᠨ᠃ 60 ᠭᠠᠷᠤᠢ ᠡᠳᠦᠷ᠂ 100 ᠭᠠᠷᠤᠢ ᠬᠠᠭᠤᠴᠢᠨ ᠰᠠᠭᠤᠭᠠᠯᠢ ᠠᠷᠠᠳ ᠤᠨ ᠲᠣᠭᠣᠷᠢᠭ᠂ 30 ᠭᠠᠷᠤᠢ ᠢᠳᠡᠭᠡᠨ ᠤᠮᠳᠠᠭᠠᠨ ᠤ ᠠᠵᠤ ᠠᠬᠤᠶᠢᠯᠠᠯ ᠤᠨ ᠲᠣᠭ᠎ᠠ ᠪᠦᠷᠢᠳᠭᠡᠯ ᠦᠨ ᠠᠷᠤ ᠳᠤ ᠴᠥᠮ ᠪᠠᠶᠢᠴᠠᠭᠠᠬᠤ ᠠᠵᠢᠯᠳᠠᠨ ᠤ ᠡᠭᠦᠷᠭᠡ ᠬᠠᠷᠢᠭᠤᠴᠠᠯᠭ᠎ᠠ ᠪᠠ ᠵᠣᠪᠠᠭᠤᠷᠢ ᠵᠦᠳᠡᠭᠦᠷᠢ ᠪᠤᠢ᠃ ᠬᠠᠷᠢᠶᠠᠲᠤ ᠣᠷᠣᠨ ᠤ ᠳᠣᠲᠣᠷᠠᠬᠢ ᠰᠢᠲᠠᠮᠠᠬᠠᠶ ᠬᠡᠶ ᠢᠢᠨ ᠳᠠᠮᠵᠢᠭᠤᠯᠤᠨ ᠬᠦᠷᠭᠡᠬᠦ᠂ ᠬᠠᠳᠠᠭᠠᠯᠠᠬᠤ᠂ ᠬᠡᠷᠡᠭ᠍ᠯᠡᠬᠦ ᠵᠡᠷᠭᠡ ᠲᠠᠯ᠎ᠠ ᠳᠤ ᠣᠷᠣᠰᠢᠵᠤ ᠪᠠᠶᠢᠭ᠎ᠠ ᠠᠮᠤᠷ ᠲᠦᠪᠰᠢᠨ ᠦ ᠬᠡᠮ ᠰᠣᠭᠣᠭ ᠢ ᠭᠦᠨᠵᠡᠭᠡᠶ ᠤᠶᠢᠯᠠᠭᠠᠨ ᠵᠢᠭᠰᠠᠭᠠᠨ ᠪᠠᠶᠢᠴᠠᠭᠠᠬᠤ ᠪᠠᠷ ᠳᠡᠮᠵᠢᠨ᠂ ᠪᠠᠶᠢᠭᠠᠯᠢ ᠢᠢᠨ ᠰᠢᠲᠠᠮᠠᠬᠠᠶ ᠬᠡᠶ ᠢᠢᠨ ᠬᠣᠭᠣᠯᠠᠶ ᠳᠤ ᠭᠠᠳᠠᠭᠠᠳᠤ ᠬᠦᠴᠦᠨ ᠦ ᠬᠣᠬᠢᠷᠠᠯ ᠢ ᠰᠡᠷᠭᠡᠶᠢᠯᠡᠬᠦ ᠪᠡᠯᠡᠳᠭᠡᠮᠵᠢ ᠪᠠᠶᠢᠬᠤ ᠥᠬᠡᠶ᠂ ᠬᠣᠭᠣᠯᠠᠶ ᠳᠡᠭᠡᠷ᠎ᠡ ᠴᠠᠬᠢᠯᠭᠠᠨ ᠤᠲᠠᠰᠤ ᠣᠷᠢᠶᠠᠭᠰᠠᠨ᠂ ᠬᠣᠭᠣᠯᠠᠶ ᠢᠢᠨ ᠢᠯᠵᠢᠷᠡᠬᠦ ᠢᠢ ᠰᠡᠷᠭᠡᠶᠢᠯᠡᠬᠦ ᠳᠠᠪᠬᠤᠷᠭ᠎ᠠ ᠬᠣᠪᠬᠣᠷᠠᠨ ᠤᠨᠠᠭᠰᠠᠨ ᠵᠡᠷᠭᠡ ᠠᠰᠠᠭᠤᠳᠠᠯ ᡂᠨ ᠢ ᠢᠯᠡᠷᠡᠭᠦᠯᠪᠡ᠃ ᠡᠯ᠎ᠡ ᠲᠠᠯ᠎ᠠ ᠢᠢᠨ ᠬᠦᠴᠦᠨ ᠢ ᠨᠢᠭᠲᠠᠷᠠᠭᠤᠯᠵᠤ᠂ ᠦᠩᠭᠡᠨ ᠲᠠᠯ᠎ᠠ ᠪᠠ ᠦᠨᠳᠦᠰᠦ ᠰᠤᠷᠪᠤᠯᠵᠢ ᠢᠢ ᠵᠡᠷᠭᠡᠪᠡᠷ ᠵᠠᠰᠠᠬᠤ ᠪᠣᠯ ᠰᠠᠶ᠋ᠢ ᠠᠷᠠᠳ ᠲᠤ ᠠᠰᠢᠭ ᠬᠦᠷᠲᠡᠭᠡᠬᠦ ᠳᠡᠭᠡᠳᠦ ᠠᠷᠭ᠎ᠠ ᠪᠣᠯᠤᠨ᠎ᠠ᠃ ᠲᠥᠯᠥᠭᠡᠯᠡᠭ᠍ᠴᠢ ᠭᠡᠰᠢᠭᠦᠨ᠂ ᠠᠷᠠᠳ ᠤᠨ ᠬᠢᠨᠠᠯᠲᠠ ᠲᠠᠯᠪᠢᠭᠴᠢ᠂ ᠵᠠᠰᠠᠭ ᠵᠠᠬᠢᠷᠭᠠᠨ ᠤ ᠪᠠᠶᠢᠭᠤᠯᠤᠯᠭ᠎ᠠ ᠢᠢᠨ ᠲᠥᠯᠥᠭᠡᠯᠡᠭ᠍ᠴᠢ ᠢᠢ ᠤᠷᠢᠵᠤ ᠭᠡᠷᠡᠴᠢᠯᠡᠭᠡ ᠰᠣᠨᠣᠰᠬᠤ ᠬᠤᠷᠠᠯ ᠳᠤ ᠣᠷᠣᠯᠴᠠᠭᠤᠯᠬᠤ ᠪᠠᠷ ᠳᠠᠮᠵᠢᠨ᠂ 17 ᠵᠠᠰᠠᠭ ᠵᠠᠬᠢᠷᠭᠠᠨ ᠤ ᠪᠠᠶᠢᠭᠤᠯᠤᠯᠭ᠎ᠠ ᠲᠠᠶ ᠭᠦᠨᠵᠡᠭᠡᠶ ᠶᠠᠷᠢᠯᠴᠠᠬᠤ ᠬᠤᠷᠠᠯ ᠥᠷᠨᠢᠭᠦᠯᠵᠦ᠂ ᠬᠠᠮᠢᠶ᠎ᠠ ᠪᠥᠬᠥᠶ ᠭᠣᠸᠯᠴᠢᠯᠠᠨ ᠬᠠᠮᠢᠶᠠᠷᠬᠤ ᠰᠠᠯᠠᠭ᠎ᠠ ᠮᠥᠴᠢᠷ ᠦᠨ ᠬᠣᠭᠣᠷᠣᠨᠳᠣᠬᠢ ᠡᠭᠦᠷᠭᠡ ᠬᠠᠷᠢᠭᠤᠴᠠᠯᠭ᠎ᠠ ᠢᠢᠨ ᠠᠵᠢᠯ ᠤᠨ ᠬᠤᠪᠢᠶᠠᠷᠢᠯᠠᠯ ᠢ ᠤᠯᠠᠮ ᠨᠢᠭᠡ ᠠᠯᠬᠤᠮ ᠲᠣᠳᠣᠷᠬᠠᠶᠢᠯᠠᠬᠤ ᠢᠢᠨ ᠬᠠᠮᠲᠤ ᠴᠡᠭ᠍ᠴᠡᠯᠡᠨ ᠥᠭᠡᠷᠡᠴᠢᠯᠡᠵᠦ ᠨᠠᠶᠢᠳᠠᠪᠤᠷᠢᠵᠢᠭᠤᠯᠬᠤ ᠲᠠᠯ᠎ᠠ ᠪᠠᠷ ᠬᠠᠮᠲᠤ ᠢᠢᠨ ᠲᠠᠨᠢᠯᠲᠠ ᠲᠠᠶ ᠪᠣᠯᠵᠣ᠂ ᠰᠢᠲᠠᠮᠠᠬᠠᠶ ᠬᠡᠶ ᠢᠢᠨ ᠠᠮᠤᠷ ᠲᠦᠪᠰᠢᠨ ᠦ ᠴᠡᠭ᠍ᠴᠡᠯᠡᠨ ᠵᠠᠰᠠᠬᠤ ᠠᠵᠢᠯ ᠢ ᠬᠦᠴᠦ ᠪᠡᠨ ᠬᠠᠮᠲᠤᠳᠬᠠᠨ ᠠᠬᠢᠭᠤᠯᠪᠠ᠃ ᠬᠣᠯᠪᠣᠭᠳᠠᠯ ᠪᠥᠬᠥᠶ ᠡᠷᠭᠢᠯᠡᠨ ᠬᠠᠮᠢᠶᠠᠷᠬᠤ ᠪᠠᠶᠢᠭᠤᠯᠭ᠎ᠠ ᠨᠢᠭᠡᠴᠡ ᠢᠳᠡᠭᠡᠨ ᠤᠮᠳᠠᠭᠠᠨ ᠤ ᠲᠠᠯᠠᠪᠤᠷ ᠭᠠᠵᠠᠷ᠂ ᠣᠨᠴᠠ ᠲᠥᠷᠥᠯ ᠦᠨ ᠲᠣᠨᠣᠭ ᠲᠥᠬᠥᠭᠡᠷᠦᠮᠵᠢ ᠢᠢᠨ ᠡᠵᠡᠩᠨᠡᠯᠲᠡ ᠢᠢᠨ ᠨᠢᠭᠡᠴᠢ᠂ ᠰᠢᠲᠠᠮᠠᠬᠠᠶ ᠬᠡᠶ ᠢᠢᠨ ᠡᠵᠡᠩᠨᠡᠯᠲᠡ ᠢᠢᠨ ᠨᠢᠭᠡᠴᠢ ᠵᠡᠷᠭᠡ 240 ᠭᠠᠷᠤᠶ ᠡᠷᠦᠬᠡ ᠳᠦ ᠪᠠᠶᠢᠴᠠᠭᠠᠯᠲᠠ ᠬᠢᠵᠦ᠂ ᠰᠢᠲᠠᠮᠠᠬᠠᠶ ᠬᠡᠶ ᠢᠢᠨ ᠲᠠᠯᠠᠪᠤᠷ ᠭᠠᠵᠠᠷ ᠤᠨ ᠠᠮᠤᠷ ᠲᠦᠪᠰᠢᠨ ᠢᠶᠡᠷ ᠬᠡᠶ ᠬᠡᠷᠡᠭ᠍ᠯᠡᠬᠦ ᠪᠠᠷᠢᠮᠵᠢᠶ᠎ᠠ ᠢᠢ ᠲᠣᠭᠲᠠᠭᠠᠨ ᠨᠡᠶᠢᠲᠡᠯᠡᠵᠦ᠂ 947 ᠰᠢᠲᠠᠮᠠᠬᠠᠶ ᠬᠡᠶ ᠢᠢᠨ ᠪᠣᠰᠣᠭ᠎ᠠ ᠬᠣᠭᠣᠯᠠᠶ ᠢᠢᠨ ᠬᠠᠮᠠᠭᠠᠯᠠᠯᠲᠠ ᠢᠢᠨ ᠬᠡᠷᠡᠰᠭᠡ ᠵᠢᠴᠢ ᠳᠠᠷᠤᠯᠲᠠ ᠲᠣᠬᠢᠷᠠᠭᠤᠯᠬᠤ ᠬᠠᠶᠢᠷᠴᠠᠭ ᠤᠨ ᠫᠠᠶᠢᠰᠠ 80 ᠤᠭᠰᠠᠷᠠᠵᠤ᠂ 138 ᠡᠷᠦᠬᠡ ᠢᠢᠨ ︽ᠯᠣᠩᠬᠣ ᠢᠢ ᠴᠠᠬᠢᠯᠭᠠᠨ ᠪᠣᠯᠭᠠᠨ ᠥᠭᠡᠷᠡᠴᠢᠯᠡᠬᠦ︾ ᠪᠠ ︽ᠯᠣᠩᠬᠣ ᠢᠢ ᠬᠣᠭᠣᠯᠠᠶ ᠪᠣᠯᠭᠠᠨ ᠥᠭᠡᠷᠡᠴᠢᠯᠡᠬᠦ︾ ᠵᠢ ᠱᠠᠯᠠᠪᠳᠠᠨ ᠱᠠᠭᠠᠷᠳᠠᠵᠤ᠂ ︽ᠨᠣᠴᠣᠬᠤ︾ ᠡᠴᠡ ᠡᠮᠦᠨ᠎ᠡ ᠭᠠᠮᠰᠢᠭ ᠢ ᠪᠦᠲᠦᠮᠵᠢᠳᠡᠢ ᠰᠡᠷᠬᠡᠶᠢᠯᠡᠭᠰᠡᠨ ᠪᠠᠶᠢᠨ᠎ᠠ᠃
︽ᠪᠠᠶᠢᠴᠠᠭᠠᠬᠤ ᠠᠵᠢᠯ ᠤᠨ ᠬᠦᠬᠡ ᠦᠩᠭᠡ︾ ᠪᠡᠷ ᠠᠷᠠᠳ ᠤᠯᠠᠨ ᠤ ᠠᠮᠢᠳᠤᠷᠠᠯ ᠤᠨ ᠦᠩᠭᠡ ᠢᠢ ᠵᠢᠷᠤᠭᠯᠠᠪᠠ
︽ᠠᠮᠢ ᠠᠬᠤᠢ ᠢᠢᠨ ᠣᠷᠴᠢᠨ ᠲᠣᠭᠣᠷᠢᠨ ᠤ ᠬᠠᠮᠠᠭᠠᠯᠠᠯᠲᠠ ᠪᠣᠯ ᠤᠳᠤ ᠦᠶ᠎ᠡ ᠳᠦ ᠭᠠᠪᠢᠶ᠎ᠠ ᠪᠠᠶᠢᠭᠤᠯᠵᠤ᠂ ᠥᠨᠢ ᠡᠭᠦᠷᠢᠳᠡ ᠠᠰᠢᠭ ᠬᠦᠷᠲᠡᠭᠡᠬᠦ ᠦᠢᠯᠡᠰ ᠮᠥᠨ︾᠂ ᠬᠥᠬᠡᠮᠳᠦᠭ ᠨᠣᠭᠣᠭᠠᠨ ᠠᠭᠤᠯᠠ ᠤᠰᠤ᠂ ᠴᠡᠯᠮᠡᠭ ᠣᠭᠲᠠᠷᠭᠤᠢ ᠠᠷᠢᠭᠤᠨ ᠣᠷᠣᠨ ᠪᠣᠯ ᠮᠥᠨᠴᠦ ᠠᠷᠠᠳ ᠤᠯᠠᠨ ᠤ ᠬᠦᠰᠡᠯ ᠡᠷᠡᠮᠡᠯᠵᠡᠯ ᠪᠣᠯᠬᠤ ᠶᠤᠮ᠃ ᠡᠯᠪᠡᠭ ᠪᠠᠶᠠᠯᠢᠭ ᠠᠭᠤᠷᠬᠠᠢ ᠵᠢᠨ ᠪᠤᠯᠠᠭᠳᠠᠴᠠ ᠲᠠᠢ ᠤᠷᠳᠤᠰ ᠨᠢ ᠠᠭᠤᠷᠬᠠᠢ ᠮᠠᠯᠲᠠᠬᠤ ᠶᠠᠪᠤᠴᠠ ᠳᠤ ᠪᠠᠰᠠ ᠤᠷᠭᠤᠮᠠᠯ ᠤᠨ ᠬᠤᠴᠢᠯᠭ᠎ᠠ ᠡᠪᠳᠡᠭ᠍ᠳᠡᠭ᠍ᠰᠡᠨ᠂ ᠬᠥᠷᠥᠰᠥ ᠰᠢᠷᠣᠢ ᠢᠳᠡᠭ᠍ᠳᠡᠭ᠍ᠰᠡᠨ᠂ ᠭᠠᠵᠠᠷ ᠰᠢᠷᠣᠢ ᠡᠯᠡᠰᠦᠷᠬᠡᠭᠵᠢᠭ᠍ᠰᠡᠨ ᠵᠡᠷᠭᠡ ᠣᠷᠴᠢᠨ ᠲᠣᠭᠣᠷᠢᠨ ᠤ ᠠᠰᠠᠭᠤᠳᠠᠯ ᠢᠯᠡᠷᠡᠭᠰᠡᠨ ᠪᠠᠶᠢᠨ᠎ᠠ᠃ ᠡᠶᠢᠮᠦ ᠡᠴᠡ ᠳ᠋ᠦᠩᠱᠧᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠨᠢ ︽ᠠᠮᠢ ᠠᠬᠤᠢ ᠢᠢᠨ ᠪᠠᠶᠢᠴᠠᠭᠠᠯᠲᠠ ᠢᠢᠨ ᠭᠤᠷᠪᠠᠨ ᠶᠡᠬᠡ ᠬᠠᠮᠵᠢᠯᠴᠠᠭᠠᠨ ᠤ ᠨᠢᠭᠡᠳᠦᠯᠲᠡᠢ ᠠᠵᠢᠯᠯᠠᠭ᠎ᠠ︾ ᠵᠢ ᠭᠦᠨᠵᠡᠭᠡᠢ ᠠᠬᠢᠭᠤᠯᠬᠤ ᠢᠢ ᠪᠠᠷᠢᠮᠲᠠᠯᠠᠵᠤ᠂ ᠠᠭᠤᠯᠠ ᠤᠰᠤ ᠤᠢ ᠰᠢᠭᠤᠢ ᠲᠠᠷᠢᠶᠠᠨ ᠭᠠᠵᠠᠷ ᠨᠠᠭᠤᠷ ᠡᠪᠡᠰᠦ ᠡᠯᠡᠰᠦ ᠢᠢ ᠨᠢᠭᠡ ᠴᠤᠭᠴᠠᠵᠢᠭᠤᠯᠤᠨ ᠬᠠᠮᠠᠭᠠᠯᠠᠵᠦ᠂ ᠰᠢᠢᠳᠪᠦᠷᠢᠯᠡᠬᠦ ᠪᠡᠷ ᠬᠦᠯᠢᠶᠡᠨ ᠠᠪᠤᠭᠰᠠᠨ 12 ᠬᠤᠪᠢ ᠨᠡᠶᠢᠲᠡ ᠢᠢᠨ ᠠᠰᠠᠷᠠᠮᠵᠢ ᠢᠢᠨ ᠬᠡᠷᠡᠭ ᠢ ᠨᠥᠬᠥᠵᠦ ᠤᠷᠭᠤᠭᠤᠯᠵᠤ ᠨᠣᠭᠣᠭᠠᠷᠠᠭᠤᠯᠤᠭᠰᠠᠨ ᠪᠠᠶᠢᠳᠠᠯ ᠳᠤ ᠬᠥᠳᠡᠯᠦᠩᠭᠦᠢ ᠬᠢᠨᠠᠯᠲᠠ ᠲᠠᠯᠪᠢᠵᠤ᠂ ᠬᠣᠯᠪᠣᠭᠳᠠᠯ ᠪᠦᠬᠦᠢ ᠰᠠᠯᠠᠭ᠎ᠠ ᠮᠥᠴᠢᠷ ᠦᠨ ᠡᠪᠳᠡᠭ᠍ᠳᠡᠭ᠍ᠰᠡᠨ ᠲᠠᠷᠢᠶᠠᠨ ᠭᠠᠵᠠᠷ᠂ ᠣᠶᠢᠲᠤ ᠭᠠᠵᠠᠷ᠂ ᠡᠪᠡᠰᠦᠲᠦ ᠭᠠᠵᠠᠷ ᠵᠡᠷᠭᠡ 1000 ᠭᠠᠷᠤᠢ ᠮᠦ ᠢᠢ ᠰᠡᠯᠪᠢᠨ ᠵᠠᠰᠠᠬᠤ ᠢᠢ ᠬᠠᠤᠯᠢ ᠶᠣᠰᠣᠭᠠᠷ ᠱᠠᠯᠠᠪᠳᠠᠭᠤᠯᠵᠠᠢ᠃
︽ᠨᠡᠶᠢᠲᠡ ᠢᠢᠨ ᠲᠥᠯᠥᠭᠡ ᠰᠡᠳᠭᠢᠯ ᠲᠠᠯᠪᠢᠬᠤ︾ ᠰᠠᠶᠢᠨ ᠳᠤᠷ᠎ᠠ ᠢᠢᠨ ᠠᠵᠢᠯᠳᠠᠨ ᠤ ᠡᠭᠦᠯᠡᠨ ᠲᠠᠪᠴᠠᠩ ᠢ ᠭᠦᠢᠴᠡᠳ ᠬᠡᠷᠡᠭ᠍ᠯᠡᠬᠦ ᠪᠡᠷ ᠳᠠᠮᠵᠢᠨ᠂ ᠡᠯ᠎ᠡ ᠠᠵᠢᠯ ᠲᠦᠷᠦᠯ ᠦᠨ 32 ᠰᠠᠶᠢᠨ ᠳᠤᠷ᠎ᠠ ᠢᠢᠨ ᠠᠵᠢᠯᠳᠠᠨ ᠢ ᠥᠷᠭᠡᠨ ᠢᠶᠡᠷ ᠰᠢᠩᠭᠡᠭᠡᠨ ᠠᠪᠴᠤ᠂ ᠤᠯᠠᠨ ᠨᠡᠶᠢᠲᠡ ᠢᠢᠨ ᠬᠦᠴᠦᠨ ᠳᠦ ᠲᠦᠰᠢᠭ᠍ᠯᠡᠨ ᠨᠡᠩ ᠤᠯᠠᠨ ᠠᠰᠠᠭᠤᠳᠠᠯ ᠤᠨ ᠰᠦᠪᠡᠭ᠍ᠴᠢ ᠢᠢ ᠢᠯᠡᠷᠡᠭᠦᠯᠵᠦ᠂ ᠤᠯᠠᠨ ᠲᠠᠯ᠎ᠠ ᠢᠢᠨ ᠬᠢᠨ ᠣᠷᠣᠯᠴᠠᠭᠰᠠᠨ᠂ ᠬᠠᠮᠲᠤ ᠪᠠᠷ ᠡᠳ᠋ᠯᠡᠵᠦ ᠬᠠᠮᠲᠤ ᠪᠠᠷ ᠵᠠᠰᠠᠭᠰᠠᠨ ᠨᠡᠶᠢᠲᠡ ᠢᠢᠨ ᠠᠰᠠᠷᠠᠮᠵᠢ ᠢᠢᠨ ᠬᠠᠤᠯᠢ ᠴᠠᠭᠠᠵᠠ ᠢᠢᠨ ᠬᠠᠮᠠᠭᠠᠯᠠᠯᠲᠠ ᠢᠢᠨ ᠰᠢᠨ᠎ᠡ ᠵᠠᠭᠪᠤᠷ ᠢ ᠪᠤᠢ ᠪᠣᠯᠭᠠᠪᠠ᠃ ᠣᠳᠣᠬᠠᠨ ᠳᠤ ᠰᠠᠶᠢᠨ ᠳᠤᠷ᠎ᠠ ᠢᠢᠨ ᠠᠵᠢᠯᠳᠠᠨ ᠨᠢᠭᠡᠨᠲᠡ ᠬᠥᠮᠦᠰ ᠦᠨ ᠣᠷᠣᠰᠢᠨ ᠰᠠᠭᠤᠬᠤ ᠣᠷᠴᠢᠨ ᠲᠣᠭᠣᠷᠢᠨ᠂ ᠠᠶᠤᠯᠭᠦᠢ ᠦᠢᠯᠡᠳᠪᠦᠷᠢᠯᠡᠯ᠂ ᠭᠠᠵᠠᠷ ᠰᠢᠷᠣᠢ ᠢᠢᠨ ᠬᠠᠮᠠᠭᠠᠯᠠᠯᠲᠠ ᠵᠡᠷᠭᠡ ᠲᠠᠯ᠎ᠠ ᠢᠢᠨ ᠰᠦᠪᠡᠭ᠍ᠴᠢ ᠢᠢ 20 ᠭᠠᠷᠤᠢ ᠬᠠᠩᠭᠠᠵᠤ᠂ ᠬᠠᠩᠭᠠᠭᠰᠠᠨ ᠰᠦᠪᠡᠭ᠍ᠴᠢ ᠪᠡᠷ ᠳᠠᠮᠵᠢᠭᠤᠯᠵᠤ᠂ ᠵᠠᠰᠠᠭ ᠵᠠᠬᠢᠷᠭᠠᠨ ᠤ ᠪᠠᠶᠢᠭᠤᠯᠤᠯᠭ᠎ᠠ ᠢᠢ ᠱᠠᠯᠠᠪᠳᠠᠭᠤᠯᠤᠨ ᠰᠢᠨ ᠲᠦ᠋ᠩ ᠴᠡᠴᠡᠷᠯᠢᠭ ᠦᠨ ᠣᠷᠴᠢᠨ ᠲᠣᠭᠣᠷᠢᠨ ᠤ ᠬᠢᠨᠠᠯᠲᠠ ᠬᠠᠮᠢᠶᠠᠷᠤᠯᠲᠠ ᠢᠢᠨ ᠡᠭᠦᠷᠭᠡ ᠬᠠᠷᠢᠭᠤᠴᠠᠯᠭ᠎ᠠ ᠢᠢ ᠭᠦᠢᠴᠡᠳᠭᠡᠭᠦᠯᠬᠦ ᠲᠥᠰᠦᠯ ᠢ ᠠᠮᠵᠢᠯᠲᠠ ᠲᠠᠶ ᠭᠦᠢᠴᠡᠳᠭᠡᠵᠦ᠂ ᠴᠡᠴᠡᠷᠯᠢᠭ ᠦᠨ ᠵᠤᠨ ᠤ ᠤᠯᠠᠷᠢᠯ ᠳᠤ ᠤᠰᠤ ᠬᠤᠷᠠᠬᠤ᠂ ᠡᠪᠦᠯ ᠦᠨ ᠤᠯᠠᠷᠢᠯ ᠳᠤ ᠮᠥᠰᠥ ᠬᠤᠷᠠᠬᠤ ᠠᠰᠠᠭᠤᠳᠠᠯ ᠢ ᠲᠤᠶᠢᠯᠪᠤᠷᠢᠲᠠᠢ ᠰᠢᠢᠳᠪᠦᠷᠢᠯᠡᠵᠦ᠂ ᠰᠠᠭᠤᠷᠢ ᠲᠥᠬᠥᠭᠡᠷᠦᠮᠵᠢ ᠢᠢ ᠲᠡᠭᠦᠯᠳᠡᠷᠵᠢᠭᠦᠯᠵᠦ᠂ ᠬᠣᠭ ᠨᠣᠪᠰᠢ ᠢᠢ ᠴᠡᠪᠡᠷᠯᠡᠨ ᠣᠷᠴᠢᠨ ᠲᠣᠭᠣᠷᠢᠨ ᠢ ᠰᠢᠨᠡᠳᠭᠡᠵᠦ᠂ ᠡᠷᠬᠢᠨ ᠲᠣᠭᠣᠷᠢᠨ ᠤ ᠰᠠᠭᠤᠭᠠᠯᠢ ᠠᠷᠠᠳ ᠤᠨ ᠠᠮᠢᠳᠤᠷᠠᠯ ᠤᠨ ᠵᠣᠯ ᠵᠢᠷᠭᠠᠯᠲᠤ ᠲᠦᠷᠦᠭ᠍ᠳᠡᠯ ᠢ ᠶᠡᠬᠡᠪᠡᠷ ᠨᠡᠮᠡᠭ᠍ᠳᠡᠭᠦᠯᠵᠡᠢ᠃
︽ᠲᠡᠭᠦᠨ︾ ᠦ ᠲᠥᠯᠥᠭᠡ ᠠᠶᠠᠯᠠᠯ ᠢᠶᠠᠨ ᠬᠠᠮᠠᠭᠠᠯᠠᠶ᠎ᠠ
ᠣᠶᠢᠷ᠎ᠠ ᠢᠢᠨ ᠵᠢᠯ ᠡᠴᠡ ᠨᠠᠭᠠᠰᠢ᠂ ᠡᠬᠡ ᠨᠢᠯᠬᠠᠰ ᠤᠨ ᠰᠤᠪᠢᠯᠠᠯᠲᠠ ᠢᠢᠨ ᠦᠢᠯᠡᠴᠢᠯᠡᠭᠡᠨ ᠦ ᠠᠵᠢᠯ ᠲᠦᠷᠦᠯ ᠦᠨ ᠬᠡᠷᠡᠭ᠍ᠴᠡᠭᠡ ᠡᠳᠦᠷ ᠢᠷᠡᠬᠦᠶ᠎ᠡ ᠨᠡᠮᠡᠭ᠍ᠳᠡᠵᠦ ᠪᠠᠶᠢᠪᠠᠴᠤ ᠵᠠᠬ᠎ᠠ ᠳᠡᠯᠭᠡᠭᠦᠷ ᠳᠡᠭᠡᠷᠡᠬᠢ ᠦᠢᠯᠡᠴᠢᠯᠡᠭᠡᠨ ᠦ ᠶᠠᠰᠤ ᠴᠢᠨᠠᠷ ᠨᠢ ᠰᠠᠶᠢᠨ ᠲᠠᠢ ᠮᠠᠭᠤ ᠲᠠᠢ ᠪᠠᠶᠢᠵᠤ᠂ ᠢᠳᠡᠭᠡᠨ ᠤᠮᠳᠠᠭᠠᠨ ᠤ ᠠᠷᠢᠭᠤᠨ ᠴᠡᠪᠡᠷ ᠪᠠᠷᠢᠮᠵᠢᠶ᠎ᠠ ᠳᠤ ᠬᠥᠷᠬᠥ ᠥᠬᠡᠶ᠂ ᠲᠤᠰᠬᠠᠢ ᠮᠡᠷᠬᠡᠵᠢᠯ ᠤᠨ ᠬᠢᠷᠢ ᠬᠡᠮ ᠬᠦᠷᠦᠯᠴᠡᠬᠦ ᠦᠬᠡᠢ ᠵᠡᠷᠭᠡ ᠠᠰᠠᠭᠤᠳᠠᠯ ᠨᠢᠭᠤᠭᠳᠠᠵᠤ᠂ ᠡᠬᠡ ᠨᠢᠯᠬᠠᠰ ᠤᠨ ᠠᠮᠤᠷ ᠲᠦᠪᠰᠢᠨ ᠪᠠ ᠡᠷᠬᠡ ᠠᠰᠢᠭ ᠢ ᠰᠦᠷᠳᠡᠭᠦᠯᠵᠦ ᠪᠠᠶᠢᠨ᠎ᠠ᠃
ᠳ᠋ᠦᠩᠱᠧᠩ ᠲᠣᠭᠣᠷᠢᠭ ᠤᠨ ᠠᠷᠠᠳ ᠤᠨ ᠪᠠᠶᠢᠴᠠᠭᠠᠬᠤ ᠬᠣᠷᠢᠶ᠎ᠠ ᠨᠢ ︽ᠡᠮᠡᠭ᠍ᠲᠡᠶᠢᠴᠦᠳ ᠦᠨ ᠡᠷᠬᠡ ᠠᠰᠢᠭ ᠢ ᠬᠠᠮᠠᠭᠠᠯᠠᠬᠤ︾ ᠲᠤᠰᠬᠠᠶ ᠠᠵᠢᠯᠯᠠᠭ᠎ᠠ ᠥᠷᠨᠢᠭᠦᠯᠵᠦ᠂ ᠬᠠᠷᠢᠶᠠᠳᠤ ᠤᠷᠤᠨ ᠳᠠᠬᠢ 9 ᠰᠠᠷ᠎ᠠ ᠳᠤ ᠰᠠᠭᠤᠭᠴᠢᠳ ᠢ ᠠᠰᠠᠷᠠᠨ ᠰᠤᠪᠢᠯᠠᠬᠤ ᠲᠥᠪ ᠲᠦ ᠪᠠᠶᠢᠴᠠᠭᠠᠨ ᠰᠤᠳᠤᠯᠤᠯᠲᠠ ᠬᠢᠵᠦ᠂ ᠡᠬᠡ ᠨᠢᠯᠬᠠᠰ ᠢ ᠬᠠᠮᠠᠭᠠᠯᠠᠵᠠᠢ᠃ ᠪᠠᠶᠢᠴᠠᠭᠠᠯᠳᠠ ᠲᠤᠮᠳᠠ ︽ᠵᠠᠷᠢᠮ ᠲᠣᠭᠣᠭᠠᠨ ᠬᠡᠷ ᠦᠨ ᠣᠷᠴᠢᠨ ᠲᠣᠭᠣᠷᠢᠨ ᠨᠢ ᠴᠡᠪᠡᠷ ᠠᠷᠢᠭᠤᠨ ᠪᠢᠰᠢ︾᠂ ︽ᠬᠡᠰᠡᠭ ᠠᠵᠢᠯᠲᠠᠨ ᠡᠷᠡᠭᠦᠯ ᠮᠡᠨᠳᠦ ᠢᠢᠨ ᠦᠨᠡᠮᠯᠡᠯ ᠬᠠᠩᠭᠠᠵᠤ ᠳᠡᠶᠢᠯᠬᠦ ᠥᠬᠡᠶ ᠪᠤᠶᠤ ᠡᠷᠡᠭᠦᠯ ᠮᠡᠨᠳᠦ ᠢᠢᠨ ᠦᠨᠡᠮᠯᠡᠯ ᠦᠨ ᠬᠤᠭᠤᠴᠠᠭ᠎ᠠ ᠨᠢ ᠨᠢᠭᠡᠨᠲᠡ ᠥᠩᠭᠡᠷᠡᠭ᠍ᠰᠡᠨ︾᠂ ︽ᠵᠠᠷᠢᠮ ᠠᠵᠢᠯᠲᠠᠨ ᠠᠷᠢᠭᠤᠳᠬᠠᠬᠤ ᠮᠡᠳᠡᠯᠭᠡ ᠪᠡᠷ ᠳᠤᠲᠠᠮᠠᠭ ᠪᠠᠶᠢᠬᠤ︾ ᠵᠡᠷᠬᠡ ᠠᠰᠠᠭᠤᠳᠠᠯ ᡂᠨ ᠤᠷᠤᠰᠢᠵᠤ ᠪᠠᠶᠢᠬᠤ ᠵᠢ ᠤᠯᠵᠤ ᠮᠡᠳᠡᠵᠡᠢ᠃ ᠰᠠᠷ᠎ᠠ ᠳᠤ ᠰᠠᠭᠤᠭᠴᠢᠳ ᠢ ᠠᠰᠠᠷᠠᠨ ᠰᠤᠪᠢᠯᠠᠬᠤ ᠲᠥᠪ ᠦᠨ ᠢᠳᠡᠭᠡᠨ ᠦ ᠠᠮᠤᠷ ᠲᠦᠪᠰᠢᠨ ᠨᠢ ᠮᠥᠨ ᠴᠦ ᠡᠮᠡᠭ᠍ᠲᠡᠶᠢᠴᠦᠳ ᠦᠨ ᠬᠠᠸᠯᠢ ᠶᠣᠰᠣᠨ ᠤ ᠡᠷᠬᠡ ᠠᠰᠢᠭ ᠢ ᠬᠠᠮᠠᠭᠠᠯᠠᠬᠤ ︽ᠠᠷᠠᠳ ᠤᠨ ᠶᠡᠬᠡ ᠠᠮᠢᠳᠤᠷᠠᠯ︾ ᠳ᠋ᠤ ᠦᠢᠯᠡᠴᠢᠯᠡᠵᠦ ᠪᠠᠶᠢᠳᠠᠭ᠃ ᠲᠡᠭᠡᠷᠡᠬᠢ ᠢᠯᠡᠷᠡᠭᠦᠯᠦᠭ᠍ᠰᠡᠨ ᠠᠰᠠᠭᠤᠳᠠᠯ ᠳᠤ ᠴᠢᠭ᠍ᠯᠡᠭᠦᠯᠦᠨ᠂ ᠲᠣᠰ ᠬᠣᠷᠢᠶ᠎ᠠ ᠨᠢ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠢᠢᠨ ᠲᠣᠪᠴᠢᠶ᠎ᠠ᠂ ᠡᠷᠡᠭᠦᠯ ᠬᠠᠮᠠᠭᠠᠯᠠᠯ ᠡᠷᠡᠭᠦᠯ ᠮᠡᠨᠳᠦ ᠢᠢᠨ ᠲᠣᠪᠴᠢᠶ᠎ᠠ ᠵᠡᠷᠭᠡ ᠬᠣᠯᠪᠣᠭᠳᠠᠯ ᠪᠥᠬᠥᠶ ᠡᠭᠦᠷᠭᠡ ᠴᠢᠳᠠᠪᠤᠷᠢᠲᠤ ᠰᠠᠯᠠᠭ᠎ᠠ ᠮᠥᠴᠢᠷ ᠢ ᠴᠤᠭᠯᠠᠭᠤᠯᠤᠨ ᠵᠥᠪᠳᠡᠯᠴᠡᠬᠦ ᠬᠤᠷᠠᠯ ᠬᠤᠷᠠᠯᠳᠤᠭᠤᠯᠵᠤ᠂ ᠡᠭᠦᠷᠭᠡ ᠬᠠᠷᠢᠭᠤᠴᠠᠯᠭ᠎ᠠ ᠢᠢᠨ ᠬᠤᠪᠢᠶᠠᠷᠢᠯᠠᠯ ᠢᠶᠠᠨ ᠤᠯᠠᠮ ᠨᠢᠭᠡ ᠠᠯᠬᠤᠮ ᠲᠣᠳᠣᠷᠬᠠᠶᠢᠯᠠᠨ᠂ ᠡᠬᠡ ᠨᠢᠯᠬᠠᠰ ᠤᠨ ᠦᠢᠯᠡᠴᠢᠯᠡᠭᠡᠨ ᠦ ᠠᠵᠢᠯ ᠲᠥᠷᠥᠯ ᠦᠨ ᠵᠢᠷᠤᠮᠵᠢᠭᠰᠠᠨ ᠡᠵᠡᠩᠨᠡᠯᠲᠡ ᠳᠦ ᠬᠠᠮᠲᠤ ᠪᠠᠷ ᠦᠢᠯᠡᠴᠢᠯᠡᠬᠦ ᠢᠢ ᠪᠠᠲᠤᠯᠠᠪᠠ᠃ 13 ᠢᠳᠡᠭᠡᠨ ᠦ ᠠᠮᠤᠷ ᠲᠦᠪᠰᠢᠨ ᠦ ᠳᠠᠯᠳᠠ ᠬᠡᠮ ᠰᠣᠭᠣᠭ ᠢ ᠱᠠᠯᠠᠪᠳᠠᠨ ᠴᠡᠭ᠍ᠴᠡᠯᠡᠨ ᠰᠠᠶᠢᠵᠢᠷᠠᠭᠤᠯᠵᠤ᠂ 5 ᠰᠠᠷ᠎ᠠ ᠳ᠋ᠤ ᠰᠠᠭᠤᠭᠴᠢᠳ ᠢ ᠠᠰᠠᠷᠠᠨ ᠰᠤᠪᠢᠯᠠᠬᠤ ᠲᠥᠪ ᠲᠦ ᠲᠣᠭᠲᠠᠭᠠᠯ ᠶᠣᠰᠣᠭᠠᠷ ᠢᠳᠡᠭᠡᠨ ᠦ ᠵᠦᠢᠯᠡᠰ ᠦᠨ ᠥᠯᠢᠭᠡᠷ ᠦᠯᠡᠳᠡᠭᠡᠬᠦ ᠲᠦᠷᠢᠮ ᠢ ᠪᠠᠶᠢᠭᠤᠯᠬᠤ ᠢᠢᠨ ᠬᠠᠮᠲᠤ ᠡᠵᠡᠩᠨᠡᠭ᠍ᠴᠢᠳ ᠲᠦ ᠬᠠᠸᠯᠢ ᠲᠦᠭᠡᠮᠡᠯᠵᠢᠭᠦᠯᠬᠦ ᠤᠬᠠᠭᠤᠯᠭ᠎ᠠ ᠬᠢᠵᠦ᠂ ᠲᠡᠳᠡᠨ ᠦ ᠬᠠᠤᠯᠢ ᠲᠣᠭᠲᠠᠭᠠᠯ ᠳᠤ ᠨᠡᠶᠢᠴᠡᠭᠦᠯᠦᠨ ᠡᠵᠡᠩᠨᠡᠬᠦ ᠦᠵᠡᠯ ᠤᠬᠠᠮᠰᠠᠷ ᠢ ᠤᠯᠠᠮ ᠨᠢᠭᠡ ᠠᠯᠬᠤᠮ ᠴᠢᠩᠭᠠᠷᠠᠭᠤᠯᠤᠨ᠂ ᠡᠮᠡᠭ᠍ᠲᠡᠶᠢᠴᠦᠳ ᠦᠨ ᠬᠠᠸᠯᠢ ᠶᠣᠰᠣᠨ ᠤ ᠡᠷᠬᠡ ᠠᠰᠢᠭ ᠢ ᠦᠨᠡᠨ ᠬᠦ ᠬᠠᠮᠠᠭᠠᠯᠠᠭᠰᠠᠨ ᠪᠠᠶᠢᠨ᠎ᠠ᠃