ᠡᠨᠡᠷᠢᠯ ᠤᠨ ᠳᠡᠭ᠍ᠷᠢ ᠰᠢᠭ ᠡᠵᠢ ᠬᠦᠮᠥᠨ
ᠡᠨᠡᠭᠡᠨ ᠬᠤᠷᠸ᠎ᠠ ᠳᠤ ᠳᠤᠭᠢᠶᠠᠬᠤ ᠭᠠᠭᠴᠠ ᠪᠤᠷᠬᠠᠨ
ᠡᠷᠳᠡᠨᠢᠳᠤ ᠴᠤᠭᠴᠠᠰ ᠤᠨ ᠮᠢᠨᠢ ᠠᠮᠢ ᠰᠤᠶᠤᠷᠬᠠᠭᠴᠢ
ᠡᠰᠡᠨᠢᠯ ᠬᠦᠭ᠍ᠵᠢᠯ ᠤᠨ ᠮᠢᠨᠢ ᠵᠠᠮ ᠵᠢᠭᠠᠭᠴᠢ
ᠡᠬᠦᠷᠢᠳᠡ ᠳᠤᠷᠠᠰᠬᠤ ᠢᠢᠨ ᠮᠦᠩᠭᠡ ᠵᠤᠯᠠ
ᠳᠤᠩᠭᠤᠷᠴᠤᠭᠯᠠᠨ ᠤᠨᠠᠭᠠᠳ ᠮᠦᠯᠬᠦᠵᠥ ᠪᠠᠶᠢᠬᠤ ᠳᠤ
ᠳᠤᠬᠤᠢ ᠠᠴᠠ ᠮᠢᠨᠢ ᠡᠷᠬᠦᠭᠡᠳ ᠳᠤᠳᠤᠮᠳᠠᠵᠤ ᠯᠠ ᠪᠠᠶᠢᠭᠰᠠᠨ
ᠳᠤᠮᠤᠭ᠎ᠠ ᠦᠭᠡᠢ ᠵᠦᠷᠢᠬᠦᠳᠯᠡᠨ ᠠᠭᠠᠰᠢᠯᠠᠬᠤ ᠳᠤ
ᠳᠠᠭᠤᠨ ᠦᠭᠡᠢ ᠳᠠᠪᠠᠷᠢᠭᠡᠳ ᠡ᠊ᠩᠬᠦᠷᠡᠶᠢᠯᠡᠵᠥ ᠯᠠ ᠪᠠᠶᠢᠭᠰᠠᠨ
ᠳᠦᠭᠡᠮᠡᠯ ᠬᠠᠶᠢᠷ᠎ᠠ ᠢᠢᠨ ᠠᠭᠤᠤ ᠪᠦᠷᠢᠯᠸ᠎ᠠ
ᠳᠤᠭᠤᠯ ᠢᠶᠠᠨ ᠬᠠᠷᠢᠭᠤᠯᠤᠭᠠᠳ ᠳᠤᠭᠯᠠᠵᠤ ᠶᠠᠪᠤᠬᠤ ᠳᠤ
ᠳᠤᠭᠤᠨᠤᠯᠵᠢᠨ ᠬᠠᠷᠠᠭᠳᠠᠳᠠᠭ ᠡᠵᠢ ᠢᠢᠨ ᠮᠢᠨᠢ ᠮᠦᠷ ᠡ
ᠳᠤᠭᠤᠰᠤᠳᠤ ᠶ᠋ᠢᠷᠳᠢᠨᠴᠤ ᠳᠤ ᠳᠤᠮᠤᠭᠠᠵᠢᠨ ᠠᠯᠬᠤᠬᠤ ᠳᠤ
ᠳᠤᠳᠤᠷᠠᠨ ᠰᠠᠨᠠᠭᠳᠠᠳᠠᠭ ᠡᠵᠢ ᠢᠢᠨ ᠮᠢᠨᠢ ᠮᠦᠷ ᠡ
ᠳᠤᠭᠳᠠᠨᠢᠭᠰᠠᠨ ᠮᠤᠩᠭᠤᠯ ᠤᠨ ᠮᠢᠨᠢ ᠭᠡᠷᠡᠯᠳᠤ ᠴᠠᠮᠬᠠᠭ
ᠡᠯᠢᠭᠡᠰᠡᠭ ᠳᠤᠳᠤᠨᠤ ᠵᠠᠩ ᠠᠷᠠᠨᠰᠢᠨ ᠲᠠᠢ
ᠢᠳᠡᠷᠭᠡᠭ ᠴᠤᠪᠤᠭᠤ ᠠᠵᠢᠯᠴᠢ ᠰᠤᠷᠳᠠᠯ ᠲᠠᠢ
ᠢᠷᠡᠭᠡᠳᠥᠢ ᠢᠢᠨ ᠦᠢᠯᠡᠰ ᠲᠡᠭᠡᠨ ᠢᠳᠡᠭᠡᠯ ᠪᠢᠯᠬᠠᠮ᠎ᠠ
ᠡᠭᠡᠯ ᠵᠢᠷ ᠤᠨ ᠮᠠᠯᠴᠢᠨ ᠪᠦᠰᠡᠬᠦᠢ
ᠡᠭᠡ ᠳᠡᠯᠡᠭᠡᠢ ᠢᠢᠨ ᠴᠢᠨᠳᠠᠮᠤᠨᠢ ᠶᠤᠮ ᠰᠠᠨ᠃
ᠠᠯᠤᠰ ᠤᠨ ᠭᠠᠵᠠᠷ ᠠᠴᠠ ᠨᠤᠳᠤᠭ ᠲᠠᠭᠠᠨ ᠪᠤᠴᠠᠬᠤ ᠳᠤ
ᠠᠯᠬᠤᠭᠰᠠᠨ ᠮᠦᠷ ᠨᠢ ᠰᠦᠬᠦᠮ ᠵᠦᠷᠢᠬᠦ ᠦᠭᠡᠢ ᠪᠤᠯᠵᠠᠢ
ᠠᠷᠤᠭ ᠡᠬᠦᠷᠳᠡᠭ ᠨᠢᠷᠤᠭᠤ ᠨᠢ ᠪᠦᠭ᠍ᠳᠥᠢᠵᠤ ᠬᠠᠳᠤᠶᠢᠭᠠᠳ
ᠠᠮᠢᠰᠬᠤᠭ᠎ᠠ ᠠᠪᠬᠤ ᠳᠠᠭᠠᠨ ᠴᠦ ᠬᠦᠴᠢᠷ ᠪᠤᠯᠵᠠᠢ
ᠠᠯᠠᠭ ᠵᠢᠷᠤᠭᠡᠨ ᠳᠤ ᠮᠢᠨᠢ ᠠᠶᠢᠳᠠᠰ ᠪᠠᠭᠤᠯ᠎ᠠ᠃
ᠡᠷᠡᠬᠦᠯ ᠪᠠᠶ᠎ᠠ ᠨᠢ ᠮᠡᠨᠡᠭ ᠲᠠᠢ ᠪᠤᠯᠴᠢᠬᠠᠵᠠᠢ
ᠡᠪᠡᠳᠴᠢᠨ ᠳᠠᠬᠤᠯ ᠭᠡᠨᠡᠭᠡ ᠲᠠᠢ ᠪᠤᠯᠴᠢᠬᠠᠵᠠᠢ
ᠡᠶᠢᠮᠥ ᠠᠳᠠᠯ᠎ᠠ ᠪᠠᠨ ᠮᠠᠯ ᠤᠨ ᠬᠤᠶᠢᠨ᠎ᠠ ᠠᠴᠠ
ᠡᠳᠥᠷᠵᠢᠨ ᠪᠤᠷᠪᠢ ᠪᠤᠬᠢᠰᠬᠢᠯ ᠦᠭᠡᠢ ᠮᠤᠡᠭᠬᠢᠨᠠᠳᠠᠭ
ᠡᠨᠡᠷᠢᠩᠬᠦᠢ ᠰᠡᠳᠭᠢᠯ ᠤᠨ ᠳᠤᠯᠠᠭᠠᠬᠠᠨ ᠦᠯᠥᠭᠡᠢ᠃
ᠬᠡᠮᠰᠢᠶᠡᠷᠭᠡᠵᠥ ᠭᠡᠪᠳᠡᠭ᠍ᠰᠡᠨ ᠡᠵᠢ ᠳᠠᠨ ᠳᠠᠭᠠᠨ
ᠬᠠᠭᠤᠷᠤᠭᠰᠠᠨ ᠪᠤᠳᠠᠭᠠᠨ ᠤ ᠱᠦᠯᠥ ᠴᠦ ᠬᠢᠵᠥ ᠵᠠᠪᠳᠤᠭᠰᠠᠨ ᠦᠭᠡᠢ
ᠭᠡᠳᠥᠷᠮᠡᠭᠡᠶᠢᠯᠡᠵᠥ ᠶᠠᠪᠤᠭᠰᠠᠨ ᠬᠦᠥ ᠢᠢᠨ ᠴᠢᠨᠤ
ᠭᠡᠨᠡᠨ ᠪᠤᠳᠤᠯ ᠤᠨ ᠬᠢᠨᠢ ᠤᠰᠤᠯ ᠶᠤᠮ ᠳ᠋ᠠ
ᠬᠢᠴᠢᠶᠡᠵᠥ ᠳᠤᠩᠭᠠᠬᠤ ᠰᠤᠷᠭᠠᠮᠵᠢ ᠪᠠᠶᠢᠨ᠎ᠠ ᠳ᠋ᠠ᠃
ᠬᠡᠮᠨᠡᠬᠦ ᠨᠢ ᠡᠮᠥᠨ᠎ᠡ ᠪᠠᠨ ᠭᠡᠳᠡᠭ ᠦᠨᠡᠨ ᠦᠭᠡ ᠰᠠᠨᠵᠢ︕
ᠭᠡᠮᠰᠢᠬᠦ ᠨᠢ ᠬᠤᠶᠢᠨ᠎ᠠ ᠪᠠᠨ ᠭᠡᠳᠡᠭ ᠶᠤᠰᠤᠳᠠᠢ ᠰᠤᠷᠭᠠᠯ ᠠᠵᠢ︕
ᠡᠵᠢ ᠢᠢᠨ ᠮᠢᠨᠢ ᠮᠦᠷ ︱
ᠤᠰᠤᠨ ᠳᠤ ᠳᠠᠷᠤᠭᠰᠠᠨ ᠳᠠᠮᠠᠭ᠎ᠠ ᠪᠠᠶᠢᠯ᠎ᠠ
ᠡᠵᠢ ᠢᠢᠨ ᠮᠢᠨᠢ ᠮᠦᠷ ︱
ᠡᠬᠦᠯᠡᠨ ᠳᠤ ᠵᠢᠷᠤᠭᠰᠠᠨ ᠵᠢᠷᠤᠭ ᠪᠠᠶᠢᠯ᠎ᠠ
ᠡᠵᠢ ᠢᠢᠨ ᠮᠢᠨᠢ ᠮᠦᠷ ︱
ᠦᠨᠡᠭᠡᠨ ᠬᠠᠷᠠᠩᠭᠤᠢ ᠳᠠᠬᠢ ᠵᠠᠮᠴᠢ ᠪᠠᠶᠢᠯ᠎ᠠ
ᠡᠵᠢ ᠢᠢᠨ ᠮᠢᠨᠢ ᠮᠦᠷ ︱
ᠦᠷᠡᠰ ᠬᠤᠶᠢᠴᠢᠰ ᠤᠨ ᠳᠠᠭᠤᠤ ᠪᠠᠶᠢᠯ᠎ᠠ
ᠠᠯᠠᠭ ᠲᠠᠢ ᠴᠤᠬᠤᠷ ᠲᠠᠢ ᠠᠮᠢᠳᠤᠷᠠᠯ ᠤᠨ ᠵᠠᠮ ᠳᠤ
ᠠᠯᠢᠶᠠᠯᠠᠵᠤ ᠶᠠᠪᠤᠭᠰᠠᠨ ᠦᠷ᠎ᠡ ᠪᠢᠳᠠᠨ ᠳᠠᠭᠠᠨ
ᠦᠯᠡᠳᠡᠭᠡᠵᠥ ᠦᠭ᠍ᠭᠦᠭ᠍ᠰᠡᠨ ᠮᠦᠩᠭᠡ ᠢᠢᠨ ᠮᠦᠷ ᠳᠠᠨᠢ
ᠠᠮᠢᠨ ᠠᠴᠠ ᠵᠠᠯᠭᠠᠭᠰᠠᠨ ᠡᠷᠳᠡᠨᠢ ᠶᠤᠮ ᠰᠢᠦ︕
ᠠᠯᠳᠠᠨ ᠠᠴᠠ ᠦᠨ᠎ᠡ ᠲᠠᠢ ᠰᠤᠷᠭᠠᠯ ᠶᠤᠮ ᠰᠢᠦ︕
(ᠴᠤᠶᠢᠵᠢᠨᠵᠠᠪ)