ᠮᠠᠨᠭᠬᠠᠨ ᠬᠦᠨ ᠳ᠋ᠡᠬᠢ ᠮᠠᠯᠴᠢᠳ ᠤᠨ ᠨᠠᠭᠠᠳᠤᠮ

 ᠄ 2024-10-20 16:47:45

 ᠬᠦᠪᠴᠢ ᠢᠢᠨ ᠡᠯᠡᠰᠦ ᠨᠢ ᠬᠠᠩᠭᠢᠨ ᠬᠤᠰᠢᠭᠤᠨ ᠤ ᠨᠤᠲᠤᠭ ᠲᠡᠪᠢᠰᠭᠡᠷ ᠤᠨ 53%  ᠢ ᠡᠵᠡᠯᠡᠳᠡᠭ ᠪᠣᠯ ᠬᠠᠩᠭᠢᠨ ᠬᠤᠰᠢᠭᠤᠨ ᠤ ᠵᠢᠷᠭᠠᠯᠠᠩᠲᠦ ᠪᠠᠯᠭᠠᠰᠤᠨ ᠤ ᠭᠡᠭᠡᠨᠵᠤᠤ ᠭᠠᠴᠠᠭ᠎ᠠ ᠢᠢᠨ ᠨᠤᠲᠤᠭ ᠲᠡᠪᠢᠰᠭᠡᠷ ᠪᠦᠬᠦᠨ ᠵᠢᠡᠷ ᠵᠢᠡᠨ ᠬᠦᠪᠴᠢ ᠢᠢᠨ ᠡᠯᠡᠰᠦᠨ ᠳ᠋ᠤ ᠪᠠᠶᠢᠳᠠᠭ᠃ ᠣᠯᠠᠨ ᠵᠢᠯ ᠤᠨ ᠲᠤᠷᠰᠢ ᠠᠳᠡᠬᠢ ᠮᠠᠯᠴᠢᠳ ᠵᠠᠮ ᠨᠡᠪᠲᠡᠷᠡᠭᠦᠯᠭᠡ ᠢᠢᠨ ᠪᠤᠶᠢᠲᠠ ᠠᠴᠠ ᠨᠠᠭᠠᠳᠤᠮ ᠤᠨ ᠬᠤᠷᠠᠯ ᠢ ᠦᠭᠡᠷ᠎ᠡ ᠭᠠᠵᠠᠷ ᠣᠨᠳᠤᠤ ᠨᠤᠲᠤᠭ ᠲᠤ ᠦᠵᠡᠵᠤ᠂ ᠣᠷᠤᠯᠴᠠᠵᠤ ᠪᠠᠶᠢᠭᠰᠠᠨ ᠪᠣᠯᠪᠠᠴᠤ ᠦᠪᠡᠷ ᠤᠨ ᠨᠤᠲᠤᠭ ᠲᠤ ᠨᠢᠵᠡᠭᠡᠷ ᠨᠠᠶᠢᠷ ᠪᠣᠯᠤᠨ᠎ᠠ ᠭᠡᠵᠤ ᠶ᠋ᠢᠰᠦᠨ ᠵᠡᠭᠦᠳᠦᠨ ᠳᠤ ᠣᠷᠤᠭ᠎ᠠ ᠦᠭᠡᠢ ᠤᠴᠢᠷ ᠪᠢᠯᠡ᠃

2023 ᠣᠨ ᠤ 8 ᠰᠠᠷ᠎ᠠ ᠢᠢᠨ 9  ᠤ ᠡᠳᠦᠷ ᠬᠠᠩᠭᠢᠨ ᠬᠤᠰᠢᠭᠤᠨ ᠤ ᠬᠠᠲᠤᠨ ᠲᠣᠬᠤᠢ ᠢᠢᠨ ᠴᠦᠯᠡᠷᠬᠡᠭ᠍ᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠲᠠᠶᠢᠯᠠᠯᠳᠤᠭᠠᠨ ᠡᠬᠢᠯᠡᠭ᠍ᠰᠡᠨ ᠠᠴᠠ ᠨᠠᠭᠠᠰᠢ ᠭᠡᠭᠡᠨᠵᠤᠤ ᠭᠠᠴᠠᠭ᠎ᠠ ᠨᠢ ᠭᠤᠣᠯ ᠲᠠᠶᠢᠯᠠᠯᠳᠤᠭᠠᠨ ᠤ ᠲᠠᠯᠠᠪᠤᠷ ᠤᠨ ᠨᠢᠭᠡ ᠨᠢ ᠪᠣᠯᠵᠤ᠂ S242 ᠵᠠᠮ ᠪᠠ S215 ᠵᠠᠮ ᠢ ᠬᠤᠯᠪᠣᠭᠰᠠᠨ ᠬᠦᠳᠡᠭᠡ ᠲᠣᠰᠬᠤᠨ ᠢ ᠬᠦᠭ᠍ᠵᠢᠬᠦᠯᠦᠨ ᠮᠠᠨᠳᠤᠭᠤᠯᠬᠤ ᠵᠠᠮ ᠭᠡᠭᠡᠨᠵᠤᠤ ᠭᠠᠴᠠᠭ᠎ᠠ ᠢᠢ ᠬᠦᠨᠳᠡᠯᠡᠨ ᠲᠤᠭᠤᠯᠵᠤ ᠬᠠᠩᠭᠢᠨ ᠬᠤᠰᠢᠭᠤᠨ ᠳᠤ ᠪᠠᠰᠠ ᠨᠢᠭᠡ ᠡᠯᠡᠰᠦ ᠲᠤᠭᠤᠯᠤᠭᠰᠠᠨ ᠵᠠᠰᠠᠮᠠᠯ ᠵᠠᠮ ᠨᠡᠪᠲᠡᠷᠡᠭ᠍ᠰᠡᠨ ᠢᠶᠠᠷ ᠪᠠᠷᠠᠬᠤ ᠦᠭᠡᠢ ᠭᠡᠭᠡᠨᠵᠤᠤ ᠭᠠᠴᠠᠭ᠎ᠠ ᠢᠢᠨ ᠠᠷᠠᠳ ᠲᠦᠮᠡᠨ ᠳᠤ ᠪᠠᠶᠠᠵᠢᠯ ᠲᠡᠭ᠍ᠵᠢᠷᠡᠯ ᠤᠨ ᠭᠡᠷᠡᠯ ᠭᠡᠭᠡ ᠢᠢ ᠲᠤᠨᠤᠯᠵᠠᠭᠤᠯᠤᠭᠰᠠᠨ ᠪᠢᠯᠡ᠃

ᠶᠠᠭ ᠡᠨᠡᠬᠦ ᠵᠠᠮ ᠨᠡᠪᠲᠡᠷᠡᠭᠰᠨᠨ ᠤᠴᠢᠷ ᠡᠴᠡ 2024 ᠤᠨ ᠤ 10 ᠰᠠᠷ᠎ᠠ ᠢᠢᠨ 8  ᠤ ᠡᠳᠦᠷ᠂ ᠬᠠᠩᠭᠢᠨ ᠬᠤᠰᠢᠭᠤᠨ ᠤ ᠵᠢᠷᠭᠠᠯᠠᠩᠲᠦ ᠪᠠᠯᠭᠠᠰᠤᠨ ᠤ ᠭᠡᠭᠡᠨᠵᠤᠤ ᠭᠠᠴᠠᠭ᠎ᠠ ᠢᠢᠨ ᠠᠩᠬᠠᠳᠤᠭᠠᠷ ᠬᠤᠭᠤᠴᠠᠭᠠᠨ ᠤ ᠮᠠᠯᠴᠢᠳ ᠤᠨ ᠨᠠᠭᠠᠳᠤᠮ ᠬᠦᠪᠴᠢ ᠢᠢᠨ ᠡᠯᠡᠰᠦᠨ ᠤ ᠲᠡᠭᠡᠭ ᠤᠨ ᠣᠷᠤᠢ ᠢᠢᠨ ᠲᠡᠷᠭᠡᠳᠡ ᠬᠦᠭ᠍ᠵᠢᠶᠡᠨ ᠲᠠᠢ ᠶᠠᠪᠤᠭᠳᠠᠭᠰᠠᠨ ᠪᠠᠶᠢᠨ᠎ᠠ᠃

ᠡᠨᠡᠬᠦ ᠨᠠᠭᠠᠳᠤᠮ ᠨᠢ ᠲᠤᠰ ᠭᠠᠵᠠᠷ ᠤᠷᠤᠨ ᠳ᠋ᠤ ᠤᠶᠢᠷ᠎ᠠ ᠵᠢᠨ ᠲᠠᠪᠢᠨ ᠵᠢᠯ ᠳ᠋ᠤ ᠶᠠᠪᠤᠭᠳᠠᠭ᠎ᠠ ᠦᠭᠡᠢ ᠠᠵᠢ᠃ ᠡᠬᠢᠯᠯᠡᠲᠡ ᠢᠢᠨ ᠶᠣᠰᠤᠯᠠᠯ ᠲᠡᠭᠡᠷ᠎ᠡ ᠲᠡᠪᠡᠯ ᠲᠡᠷᠯᠢᠭ ᠢᠶᠠᠷ ᠭᠤᠶᠤᠯᠠᠭᠰᠠᠨ ᠮᠠᠯᠴᠢᠳ ᠲᠠᠪᠤᠨ ᠣᠳᠤᠲᠤ ᠤᠯᠠᠭᠠᠨ ᠲᠤᠭ ᠢᠶᠠᠨ ᠬᠠᠮᠠᠭᠠᠯᠠᠨ ᠵᠢᠭᠰᠠᠭᠠᠯ ᠤᠨ ᠲᠡᠷᠢᠬᠦᠨ ᠳᠤ ᠣᠮᠤᠭ ᠲᠡᠭᠦᠯᠳᠡᠷ ᠠᠯᠬᠤᠯᠠᠵᠤ᠂ ᠪᠦᠬᠡᠴᠢᠳ᠂ ᠬᠠᠷᠪᠤᠭᠠᠴᠢᠳ᠂ ᠤᠶᠠᠭᠠᠴᠢᠳ᠂ ᠡᠯᠡᠰᠦ ᠵᠠᠰᠠᠬᠤ ᠠᠵᠤ ᠠᠬᠤᠶᠢᠯᠠᠯ ᠤᠨ ᠲᠥᠯᠥᠭᠡᠯᠡᠭ᠍ᠴᠢᠳ᠂ ᠡᠯᠡᠰᠦ ᠵᠠᠰᠠᠬᠤ ᠳᠤ ᠣᠷᠤᠯᠴᠠᠭᠰᠠᠨ ᠮᠠᠰᠢᠨ ᠲᠡᠷᠭᠡᠳ᠂ ᠡᠯᠡᠰᠦᠨ ᠳᠤ ᠬᠡᠭᠡᠷᠯᠡᠬᠦ ᠲᠡᠷᠭᠡ ᠮᠣᠲ᠋ᠧᠷ ᠲᠠᠷᠠᠭᠠᠯᠠᠨ ᠨᠠᠭᠠᠳᠤᠮ ᠤᠨ ᠲᠠᠯᠠᠪᠠᠢ ᠳᠤ ᠤᠷᠤᠵᠤ ᠬᠤᠷᠠᠭᠰᠠᠨ ᠣᠯᠠᠨ ᠤ ᠬᠠᠷᠠᠭ᠎ᠠ ᠢᠢ ᠪᠠᠶᠰᠬᠠᠬ᠍ᠰᠠᠨ ᠪᠠᠶᠢᠨ᠎ᠠ᠃ ᠡᠭᠦᠨ ᠤ ᠲᠠᠷᠠᠭ᠎ᠠ ᠬᠠᠩᠭᠢᠨ ᠬᠤᠰᠢᠭᠤᠨ ᠤ ᠤᠯᠠᠭᠠᠨᠮᠥ᠋ᠴᠢᠷ ᠪᠠ ᠨᠤᠲᠤᠭ ᠤᠨ ᠤᠷᠠᠯᠢᠭᠴᠢᠳ ᠬᠠᠮᠲᠤᠷᠠᠨ ᠢᠷᠠᠭᠤ ᠡᠭᠡᠰᠢᠭ᠍ᠯᠢᠩ ᠠᠶ᠎ᠠ ᠲᠠᠭᠤᠤ᠂ ᠤᠷᠠᠨ ᠪᠡᠶᠡᠯᠡᠭᠡᠲᠦ ᠪᠦᠵᠢᠭ ᠪᠠᠷ ᠣᠷᠣᠨ ᠨᠤᠲᠤᠭ ᠢᠶᠠᠨ ᠮᠠᠭᠲᠠᠨ ᠲᠠᠭᠤᠯᠠᠵᠤ ᠦᠵᠡᠭ᠍ᠴᠢᠳ ᠤᠨ ᠪᠠᠭᠠᠷᠬᠠᠯ ᠪᠢᠰᠢᠷᠡᠯ᠂ ᠨᠢᠵᠢᠭᠢᠨᠡᠲᠡᠯ᠎ᠡ ᠠᠯᠠᠭ᠎ᠠ ᠲᠠᠰᠢᠯᠲᠠ ᠢ ᠣᠯᠤᠭᠰᠠᠨ ᠪᠠᠶᠢᠨ᠎ᠠ᠃ ᠬᠤᠶᠠᠷ ᠡᠳᠦᠷ ᠤᠨ ᠬᠤᠭᠤᠴᠠᠭ᠎ᠠ ᠲᠠᠢ ᠶᠠᠪᠤᠭᠳᠠᠬᠰᠠᠨ ᠲᠤᠰ ᠨᠠᠶᠢᠷ ᠢ ᠬᠠᠩᠭᠢᠨ ᠬᠤᠰᠢᠭᠤᠨ ᠤ ᠵᠢᠷᠭᠠᠯᠠᠩᠲᠦ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠠᠴᠠ ᠭᠤᠣᠯᠯᠠᠨ ᠡᠷᠭᠢᠯᠡᠵᠦ᠂ ᠵᠢᠷᠭᠠᠯᠠᠩᠲᠦ ᠪᠠᠯᠭᠠᠰᠤᠨ ᠤ ᠭᠡᠭᠡᠨᠵᠤᠤ ᠭᠠᠴᠠᠭᠠᠨ ᠤ ᠰᠠᠶᠢᠨᠪᠤᠯᠠᠭ ᠲᠣᠭᠤᠷᠢᠭ ᠠᠴᠠ ᠲᠠᠭᠠᠴᠢᠯᠠᠨ ᠬᠢᠭ᠍ᠰᠡᠨ ᠪᠠᠶᠢᠨ᠎ᠠ᠂ ᠨᠠᠭᠠᠳᠤᠮ ᠤᠨ ᠬᠤᠷᠠᠯ ᠤᠨ ᠡᠬᠢᠯᠡᠯᠲᠡ ᠢᠢᠨ ᠶᠣᠰᠤᠯᠠᠯ ᠲᠡᠭᠡᠷ᠎ᠡ ᠪᠠᠰᠠ ᠨᠠᠶᠠ ᠢᠢ ᠲᠠᠪᠠᠭᠰᠠᠨ ᠦᠨᠳᠦᠷ ᠨᠠᠰᠤᠲᠠᠨ᠂ ᠠᠪᠤᠷᠭᠤ ᠡᠵᠢ᠂ ᠵᠡᠮᠳᠡᠭ ᠲᠡᠭᠦᠦ᠍ ᠪᠠᠨ ᠠᠰᠠᠷᠠᠭᠰᠠᠨ ᠰᠠᠶᠢᠨ ᠪᠡᠷᠭᠡᠨ ᠵᠡᠷᠭᠡ ᠲᠠᠭᠤᠷᠢᠶᠠᠯ ᠪᠤᠯᠤᠭᠰᠠᠨ ᠬᠦᠮᠦᠰ ᠢᠶᠠᠨ ᠱᠠᠩᠨᠠᠨ ᠬᠦᠬᠢᠬᠦᠯᠦᠭ᠍ᠰᠡᠨ ᠪᠠᠶᠢᠨ᠎ᠠ᠃ ᠮᠠᠩᠬᠠᠨ ᠨᠤᠲᠤᠭ ᠤᠨ ᠠᠩᠬᠠᠨ ᠤ ᠨᠠᠭᠠᠳᠤᠮ ᠳᠤ ᠰᠤᠷᠠᠭ ᠢᠶᠠᠷ ᠢᠷᠡᠭ᠍ᠰᠡᠨ ᠵᠤᠭᠠᠴᠠᠭᠴᠢᠳ᠂ ᠨᠠᠭᠠᠳᠤᠮᠴᠢᠳ 2500 ᠭᠠᠷᠤᠢ ᠬᠦᠮᠦᠨ ᠴᠤᠭᠯᠠᠷᠠᠵᠡᠢ᠃ ᠲᠣᠰ ᠤᠳᠠᠭᠠᠨ ᠤ ᠨᠠᠭᠠᠳᠤᠮ ᠤᠨ ᠬᠤᠷᠠᠯ ᠪᠣᠯ ᠬᠠᠲᠤᠨ ᠲᠣᠬᠤᠢ ᠢᠢᠨ ᠴᠦᠯᠡᠷᠬᠡᠭ᠍ᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠲᠠᠶᠢᠯᠠᠯᠳᠤᠭᠠᠨ ᠤ ᠬᠤᠭᠤᠴᠠᠭᠠᠨ ᠳᠤ ᠶᠠᠪᠤᠭᠳᠠᠭᠰᠠᠨ ᠨᠢᠭᠡ ᠤᠳᠠᠭᠠᠨ ᠤ ᠨᠠᠭᠠᠳᠤᠮ ᠤᠨ ᠬᠤᠷᠠᠯ ᠮᠥᠨ᠂ ᠲᠣᠰ ᠤᠳᠠᠭᠠᠨ ᠤ ᠨᠠᠭᠠᠳᠤᠮ ᠢᠶᠠᠷ ᠮᠠᠯᠴᠢᠨ ᠲᠠᠷᠢᠶᠠᠴᠢᠳ ᠤᠨ ᠡᠯᠡᠰᠦ ᠵᠠᠰᠠᠬᠤ ᠴᠤᠭ ᠰᠦᠯᠳᠡ ᠪᠠ ᠠᠮᠢ ᠠᠬᠤᠢ ᠢᠢᠨ ᠪᠦᠲᠦᠭᠡᠨ ᠪᠠᠶᠢᠭᠤᠯᠤᠯᠲᠠ ᠢᠢᠨ ᠢᠲᠡᠭᠡᠯ ᠵᠣᠷᠢᠭ ᠢ ᠭᠦᠢᠴᠡᠳ ᠢᠯᠡᠷᠡᠭᠦᠯᠵᠦ᠂ ᠬᠠᠲᠤᠨ ᠲᠣᠬᠤᠢ ᠢᠢᠨ ᠴᠦᠯᠡᠷᠬᠡᠭ᠍ᠵᠢᠯ ᠢ ᠶᠡᠷᠦᠩᠬᠡᠶᠢᠯᠡᠨ ᠰᠡᠷᠭᠡᠶᠢᠯᠡᠨ ᠵᠠᠰᠠᠬᠤ ᠲᠠᠶᠢᠯᠠᠯᠳᠤᠭᠠᠨ ᠢ ᠰᠠᠶᠢᠲᠤᠷ ᠬᠢᠬᠦ ᠳᠤ ᠬᠦᠴᠦᠨ ᠴᠢᠳᠠᠯ᠂ ᠰᠡᠳᠭᠢᠯ ᠢᠲᠡᠭᠡᠯ ᠢ ᠨᠢᠭᠲᠠᠷᠠᠭᠤᠯᠤᠭᠰᠠᠨ ᠪᠠᠶᠢᠨ᠎ᠠ᠃ ᠰᠤᠷᠪᠤᠯᠵᠢᠯᠠᠭᠴᠢ ᠵᠢᠨ ᠤᠶᠢᠯᠠᠭᠠᠭᠰᠠᠨ ᠵᠢᠡᠷ᠂ ᠲᠤᠰ ᠨᠠᠭᠠᠳᠤᠮ ᠢ ᠡᠷᠬᠢᠯᠡᠨ ᠬᠢᠭᠰᠡᠨ ᠭᠠᠵᠠᠷ ᠲᠤ ᠲᠡᠭᠡᠭ ᠤᠨ ᠤᠷᠤᠢ᠂ ᠲᠡᠮᠡᠬᠡᠨ ᠬᠠᠳᠠ᠂ ᠬᠠᠷ᠎ᠠ ᠬᠠᠳᠠ᠂ ᠠᠪᠳᠠᠷ᠎ᠠ ᠬᠠᠳᠠ ᠵᠡᠷᠭᠡ ᠨᠢ ᠤᠯᠠᠨ ᠵᠠᠭᠤ ᠮᠢᠨᠭᠭᠠᠨ ᠵᠢᠯ ᠤᠨ ᠲᠤᠷᠰᠢ ᠡᠯᠡᠰᠦ ᠮᠠᠨᠭᠬᠠᠨ ᠤ ᠬᠦᠨ ᠳ᠋ᠤ ᠤᠯᠠᠨ ᠬᠦᠮᠦᠨ ᠤ ᠨᠢᠳᠤᠨ ᠳᠠᠯᠳᠠ ᠤᠷᠤᠰᠢᠭᠰᠠᠭᠠᠷ ᠢᠷᠡᠭᠰᠡᠨ ᠪᠠᠶᠢᠨ᠎ᠠ᠃ ᠪᠠᠶᠢᠭᠠᠯᠢ ᠳᠡᠯᠡᠬᠡᠢ ᠵᠢᠨ ᠡᠳᠡᠬᠡᠷ ᠰᠤᠨᠢᠨ ᠭᠠᠶᠢᠬᠠᠮᠰᠢᠭᠲᠤ ᠪᠦᠲᠦᠴᠡ ᠪᠦᠬᠦᠢ ᠬᠠᠳᠠ ᠴᠢᠯᠠᠭᠤ ᠶ᠋ᠢ ᠤᠤᠯ ᠨᠢ ᠵᠦᠪᠬᠡᠨ ᠨᠤᠲᠤᠭ ᠤᠨ ᠬᠡᠳᠦᠨ ᠮᠠᠯᠴᠢᠳ ᠪᠤᠶᠤ ᠡᠷᠳᠡᠮ ᠰᠢᠨᠵᠢᠯᠡᠬᠡᠨ ᠤ ᠬᠢᠨ ᠯᠠ ᠮᠡᠳᠡᠬᠦ ᠡᠴᠡ ᠪᠤᠰᠤ ᠦᠬᠡᠷ᠎ᠡ ᠪᠤᠰᠤᠳ ᠤᠨ ᠬᠦᠯ ᠬᠦᠷᠦᠭᠡ ᠦᠭᠡᠢ ᠠᠵᠢ᠃ ᠬᠠᠷᠢᠨ ᠡᠨᠡ ᠵᠢᠯ ᠤᠨ ᠡᠬᠢᠨ ᠳ᠋ᠤ S242 ᠵᠠᠮ ᠪᠠ S215 ᠵᠠᠮ ᠢ ᠬᠤᠯᠪᠣᠭᠰᠠᠨ ᠬᠦᠳᠡᠭᠡ ᠲᠣᠰᠬᠤᠨ ᠢ ᠬᠦᠭ᠍ᠵᠢᠬᠦᠯᠦᠨ ᠮᠠᠨᠳᠤᠭᠤᠯᠬᠤ ᠵᠠᠮ ᠨᠡᠪᠲᠡᠷᠡᠭᠰᠡᠨ ᠤ ᠲᠠᠷᠠᠭ᠎ᠠ ᠡᠨᠳᠡ ᠲᠡᠷᠭᠡ ᠮᠠᠰᠢᠨ ᠬᠦᠭᠯᠡᠷᠡᠨ᠂ ᠡᠯᠡᠰᠦ ᠶ᠋ᠢ ᠵᠠᠰᠠᠬᠤ ᠠᠵᠢᠯᠲᠠᠳ ᠵᠢᠴᠢ ᠵᠤᠭᠠᠴᠠᠭᠰᠠᠳ ᠬᠤᠷᠠᠨ ᠴᠤᠭᠯᠠᠷᠠᠭᠠᠳ ᠬᠦᠯ ᠬᠦᠭᠵᠢᠶᠡᠨ ᠲᠠᠢ ᠭᠠᠵᠠᠷ ᠪᠤᠯᠵᠠᠢ᠃

ᠶᠠᠭ ᠡᠶᠢᠮᠤ ᠡᠴᠡ ᠲᠤᠰ ᠤᠳᠠᠭᠠᠨ ᠤ ᠨᠠᠭᠠᠳᠤᠮ ᠤᠨ ᠬᠤᠷᠠᠯ ᠢ ᠡᠨᠳᠡ ᠲᠤᠬᠢᠷᠠᠭᠤᠯᠵᠠᠢ᠂ ᠬᠡᠪᠡᠴᠤ ᠡᠨᠳᠡ ᠡᠴᠡ ᠤᠶᠢᠷ᠎ᠠ ᠲᠤᠭᠤᠷᠢᠨ ᠤ ᠵᠢᠷᠠᠨ ᠭᠠᠵᠠᠷ ᠲᠤ ᠭᠠᠴᠠᠭ᠎ᠠ ᠲᠤᠰᠬᠤᠨ᠂ ᠰᠤᠮᠤ ᠪᠠᠯᠭᠠᠰᠤ ᠬᠡᠵᠤ ᠦᠭᠡᠢ ᠪᠠᠶᠢᠯ᠎ᠠ᠃ ᠲᠡᠭᠡᠪᠡᠯ ᠬᠦᠮᠦᠨ ᠠᠮᠢᠲᠠᠨ ᠤ ᠬᠦᠯ ᠡᠴᠡ ᠵᠠᠶᠢᠳᠠᠭᠤ ᠪᠠᠶᠢᠭᠰᠠᠨ ᠬᠦᠪᠴᠢ ᠵᠢᠨ ᠬᠦᠨ ᠳ᠋ᠡᠬᠢ ᠡᠳᠡᠬᠡᠷ ᠬᠠᠳᠠ ᠪᠠ ᠡᠨᠳᠡᠬᠢ ᠡᠪᠡᠰᠦ ᠤᠷᠭᠤᠮᠠᠯ᠂ ᠤᠰᠤ ᠤᠮᠳᠠ ᠶᠠᠮᠠᠷ ᠪᠠᠶᠢᠭ᠎ᠠ ᠪᠤᠯ︖ ᠳᠡᠬᠡᠭ ᠤᠨ ᠰᠢᠯᠢ ᠨᠢ ᠬᠦᠪᠴᠢ ᠵᠢᠨ ᠡᠯᠡᠰᠦᠨ ᠤ ᠬᠦᠨ ᠳᠤ ᠪᠠᠶᠢᠷᠢᠰᠢᠵᠦ᠂ ᠭᠠᠵᠠᠷ ᠤᠨ ᠪᠠᠷᠳᠠᠭ᠎ᠠ᠂ ᠵᠠᠮ ᠤᠨ ᠳᠡᠬᠡᠭ ᠵᠢᠡᠷ ᠵᠢᠡᠡ ᠬᠦᠮᠦᠨ ᠵᠤᠨ ᠡᠴᠡ ᠳᠤᠰᠠᠭᠠᠷᠯᠠᠭᠳᠠᠵᠦ᠂ ᠪᠤᠶᠢᠳᠠ ᠪᠦᠭ᠍ᠯᠡᠬᠦᠦ ᠤᠷᠤᠰᠢᠬ᠍ᠰᠠᠭᠠᠷ ᠢᠷᠡᠵᠠᠢ᠃ ᠳᠡᠬᠡᠭ ᠤᠨ ᠰᠢᠯᠢ ᠵᠢ ᠵᠡᠬᠦᠨ ᠳᠠᠯ᠎ᠠ ᠡᠴᠡ ᠨᠢ ᠬᠠᠷᠠᠪᠠᠯ ᠤᠷᠠᠠ ᠳᠦᠰᠢ ᠳᠠᠢ ᠠᠳᠠᠯᠢ ᠠᠪᠳᠠᠷᠯᠠᠠ ᠬᠠᠷᠠᠭᠳᠠᠨ᠎ᠠ᠃ ᠰᠢᠯᠢ ᠬᠡᠳᠡᠭ ᠨᠢ ᠠᠪᠳᠠᠷᠯᠠᠠ ᠬᠠᠷᠠᠭᠳᠠᠬᠤ ᠳᠡᠬᠡᠭ ᠤᠨ ᠤᠷᠤᠢ ᠳ᠋ᠡᠬᠢ ᠰᠢᠯᠢ ᠵᠢ ᠬᠡᠯᠡᠭ᠍ᠰᠡᠡ ᠳᠡᠳᠦᠢ᠃ ᠦᠬᠡᠢ ᠪᠤᠯ ᠳᠡᠬᠡᠭ ᠤᠨ ᠤᠷᠤᠢ ᠵᠢᠨ ᠬᠠᠵᠠᠭᠤ ᠬᠠᠪᠢ ᠪᠡᠷ ᠪᠦᠷ ᠨᠡᠯᠦᠬᠡᠷ ᠡᠯᠡᠰᠦ᠂ ᠬᠠᠷᠭᠠᠨ᠎ᠠ ᠰᠢᠪᠠᠭ ᠳᠠᠢ ᠪᠠᠯᠠᠷ  ᠬᠠᠷᠠᠭ᠎ᠠ ᠮᠤᠬᠤᠭᠠᠠ ᠨᠡᠯᠦᠶᠢᠨ᠎ᠡ᠃ ᠬᠠᠷᠢᠨ ᠳᠡᠬᠡᠭ ᠤᠨ ᠬᠠᠳᠠ ᠬᠡᠳᠡᠭ ᠨᠢ ᠡᠨᠡ ᠬᠦ ᠭᠠᠵᠠᠷ ᠵᠦᠢ  ᠵᠢᠨ ᠤᠷᠴᠢᠨ ᠳᠤᠭᠤᠷᠢᠨ ᠡᠴᠡ  ᠪᠡᠡ ᠡᠷᠡᠰ ᠢᠯᠭᠠᠭᠳᠠᠬᠤ ᠪᠠᠶᠢᠭᠠᠯᠢ ᠵᠢᠨ ᠦᠵᠡᠮᠵᠢ᠃ ᠳᠡᠬᠡᠭ ᠤᠨ ᠰᠢᠯᠢ ᠵᠢᠨ ᠬᠠᠪᠢ ᠳᠦᠰᠦᠷ ᠬᠠᠷ᠎ᠠ ᠬᠠᠳᠠ᠂ ᠠᠪᠳᠠᠷ᠎ᠠ ᠬᠠᠳᠠ︵ᠨᠤᠳᠤᠭ ᠤᠨ ᠬᠦᠮᠦᠰ ᠪᠠᠰᠠ ᠱᠦᠬᠦᠢ ᠬᠠᠳᠠ ᠬᠡᠵᠦ ᠬᠡᠯᠡᠳᠡᠭ︶᠂ ᠳᠡᠮᠡᠬᠡᠡ ᠬᠠᠳᠠ ᠬᠡᠬᠦᠴᠢᠯᠡᠡ ᠨᠡᠯᠢᠶᠡᠳ ᠤᠯᠠᠠ ᠤᠨᠴᠠᠯᠢᠭ ᠳᠠᠢ ᠬᠠᠳᠠ ᠨᠤᠭᠤᠳ ᠪᠤᠢ᠃ ᠬᠠᠷ᠎ᠠ ᠬᠠᠳᠠ ᠨᠢ ᠳᠡᠬᠡᠭ ᠤᠨ ᠤᠷᠤᠢ ᠵᠢᠨ ᠳᠠᠰᠢᠭᠤ ᠵᠡᠬᠦᠨ ᠡᠮᠦᠨ᠎ᠠ ᠳᠠᠯ᠎ᠠ ᠳᠤ ᠪᠠᠷᠤᠭ ᠯᠠ ᠮᠦᠷᠦ ᠵᠡᠷᠬᠡᠴᠡᠡ ᠪᠠᠶᠢᠷᠢᠰᠢᠳᠠᠭ᠃ ᠳᠡᠷᠡ ᠨᠢ ᠡᠮᠦᠨ᠎ᠡ ᠳᠠᠯ᠎ᠠ ᠪᠡᠷ ᠵᠢᠡᠡ ᠦᠨᠳᠦᠷ᠂ ᠬᠤᠶᠢᠰᠢ ᠪᠡᠡ ᠨᠠᠯᠠᠤ ᠳᠠᠭᠠᠠ ᠪᠠᠭᠤᠬᠤ ᠭᠤᠷᠪᠠᠠ ᠳᠡᠳᠡᠷᠯᠢᠭ ᠬᠠᠳᠠ ᠪᠡᠷ ᠪᠦᠷᠢᠯᠳᠤᠵᠠᠢ᠃ ᠬᠠᠳᠠᠠ ᠤ ᠪᠦᠳᠦᠴᠡ ᠨᠢ ᠠᠭᠤᠯᠠᠠ ᠬᠠᠳᠠ ᠳᠠᠢ ᠠᠳᠠᠯᠢ ᠬᠠᠳᠠᠭᠤ ᠪᠦᠳᠦᠴᠡ ᠳᠠᠢ᠃ ᠬᠠᠷ᠎ᠠ ᠬᠠᠳᠠ ᠨᠢ ᠤᠳᠠᠭᠠᠠ ᠵᠢᠯ ᠤᠨ ᠰᠠᠯᠬᠢᠨ ᠪᠤᠷᠤᠭᠠᠠ ᠤ ᠡᠯᠡᠭ᠍ᠳᠡᠯ ᠡᠴᠡ ᠪᠤᠯᠵᠦ᠂ ᠵᠠᠷᠢᠮ ᠵᠠᠷᠢᠮ ᠬᠠᠳᠠ ᠵᠢ ᠨᠢ ᠬᠠᠯᠳᠤ ᠬᠠᠷᠠᠪᠠᠯ ᠬᠦᠮᠦᠰ ᠲᠤ ᠠᠷᠰᠯᠠᠠ ᠪᠠᠷᠰ ᠴᠤ ᠰᠢᠬ᠂ ᠪᠦᠷᠬᠦᠳ ᠰᠢᠪᠠᠭᠤ ᠴᠤ ᠰᠢᠬ ᠤᠯᠠᠠ ᠵᠦᠢᠯ ᠤᠨ ᠠᠷᠢᠶᠠᠳᠠᠠ ᠵᠢᠬᠦᠷᠳᠡᠡ ᠤ ᠬᠡᠢ ᠳᠦᠷᠦᠭ᠍ᠳᠡᠯ ᠢ ᠤᠯᠭᠤᠨ᠎ᠠ᠃ ᠬᠠᠷ᠎ᠠ ᠬᠠᠳᠠᠠ ᠤ ᠳᠤᠤᠭᠤᠷ ᠤᠯᠠᠠ ᠠᠷᠪᠢᠨ ᠬᠦᠨᠳᠡᠢ ᠪᠠᠶᠢᠵᠦ᠂ ᠢᠮᠠᠭ᠎ᠠ ᠳᠡᠷᠡ ᠬᠦᠨᠳᠠᠢ ᠳᠤ ᠦᠨᠦᠬᠦᠯᠡᠬᠡᠳ ᠤᠯᠳᠠᠬᠤ ᠦᠬᠡᠢ ᠰᠦᠢᠳ ᠪᠤᠯᠵᠦ ᠪᠠᠶᠢᠬ᠍ᠰᠠᠠ ᠬᠡᠨ᠎ᠡ᠃ ᠳᠡᠷᠡ ᠤᠯᠠᠠ ᠬᠦᠨᠳᠠᠢ ᠳ᠋ᠤ ᠨᠢ ᠢᠮᠠᠭ᠎ᠠ ᠦᠨᠦᠬᠦᠯᠡᠬᠦ ᠪᠡᠷ ᠪᠠᠷᠠᠬᠤ ᠦᠬᠡᠢ᠂ ᠰᠢᠪᠠᠭᠤ ᠱᠠᠭᠠᠵᠠᠭᠠᠢ ᠡᠬᠦᠷᠯᠡᠬᠦ᠂ ᠦᠨᠡᠬᠡ ᠵᠤᠯᠵᠠᠭᠠᠯᠠᠬᠤ ᠶᠠᠪᠤᠳᠠᠯ ᠴᠤ ᠵᠦᠩᠳᠡᠬᠡᠡ ᠭᠠᠷᠴᠤ ᠪᠠᠶᠢᠵᠠᠢ᠃ ᠡ᠊ᠨᠳᠡ ᠡᠳᠦᠬᠡ ᠴᠤ ᠰᠢᠪᠠᠭᠤ ᠱᠠᠭᠠᠵᠠᠭᠠᠢ ᠦᠨᠳᠡᠬᠡᠯᠡᠳᠡᠭ᠃ ᠳᠡᠮᠡᠬᠡᠡ ᠬᠠᠳᠠ ᠨᠢ ᠳᠡᠬᠡᠭ ᠤᠨ ᠤᠷᠤᠢ ᠡᠴᠡ ᠬᠤᠶᠢᠰᠢ ᠳᠤᠯᠤᠭ᠎ᠠ ᠨᠠᠢᠮᠠᠠ ᠭᠠᠵᠠᠷ ᠲᠤ ᠰᠦᠨᠳᠡᠷᠯᠡᠨ᠎ᠡ᠃ ᠬᠠᠳᠠ ᠬᠡᠬᠦ ᠪᠡᠷ ᠳᠡᠮᠡᠬᠡᠡ ᠬᠠᠳᠠ ᠤ ᠪᠦᠳᠦᠴᠡ ᠨᠢ ᠬᠠᠳᠠᠭᠤ ᠡᠷᠬᠢ ᠪᠡᠷ ᠪᠦᠳᠦᠵᠠᠢ᠃ ᠬᠠᠩᠬᠢᠨ ᠬᠤᠰᠢᠭᠤᠨ ᠤ ᠨᠡᠷᠡᠳᠦ ᠵᠤᠬᠢᠶᠠᠯᠴᠢ ᠳ •ᠨᠠᠮᠰᠠᠷᠠᠶᠢᠵᠠᠪ  ᠵᠢᠨ ᠬᠡᠯᠡᠬᠦ ᠪᠡᠷ ᠳᠡᠬᠡᠭ ᠤᠨ ᠳᠡᠮᠡᠬᠡᠡ ᠬᠠᠳᠠ ᠪᠤᠯ ᠪᠠᠷᠠᠭᠤᠨ ᠬᠤᠶᠢᠰᠢ ᠬᠠᠨᠳᠤᠨ ᠬᠡᠪᠳᠡᠵᠦ ᠪᠠᠶᠢᠭ᠎ᠠ ᠢᠩᠬᠡᠡ ᠳᠡᠮᠡᠬᠡ ᠬᠡᠨ᠎ᠡ᠃ ᠬᠠᠷᠢᠨ ᠠᠯᠤᠰ ᠬᠤᠯᠠ ᠠᠯᠠᠱᠠ ᠠᠶᠢᠮᠠᠭ ᠲᠤ ᠪᠤᠤᠷᠠᠠ ᠬᠠᠳᠠ ᠬᠡᠵᠦ ᠪᠠᠰᠠ ᠨᠢᠬᠡᠡ ᠳᠡᠮᠡᠬᠡᠡ ᠬᠠᠳᠠ ᠵᠡᠬᠦᠨ ᠡᠮᠦᠨᠡᠰᠢ ᠬᠠᠨᠳᠦᠨ ᠬᠡᠪᠳᠡᠵᠦ ᠪᠠᠶᠢᠳᠠᠭ ᠠᠵᠢ᠃ ᠠᠪᠳᠠᠷ᠎ᠠ ᠬᠠᠳᠠ ᠨᠢ ᠳᠡᠬᠡᠭ ᠤᠨ ᠤᠷᠤᠢ ᠵᠢᠨ ᠵᠡᠬᠦᠨ ᠬᠤᠶᠢᠨᠠᠬᠢ ᠴᠠᠶᠢᠳᠠᠮ ᠤᠨ ᠬᠦᠪᠡᠬᠡ ᠳ᠋ᠡᠬᠢ ᠨᠠᠩᠬᠢ ᠮᠠᠩᠬᠠᠠ ᠳᠡᠬᠡᠷ᠎ᠡ ᠳᠦᠩᠬᠦᠶᠢᠨ᠎ᠡ᠃ ᠬᠠᠵᠠᠭᠤ ᠬᠠᠪᠢ ᠪᠡᠷ ᠨᠢ ᠡᠷᠡᠬᠡᠢ ᠵᠢᠨ ᠴᠢᠨᠡᠬᠡ ᠬᠠᠳᠠ ᠦᠬᠡᠢ ᠡᠨᠡ ᠮᠠᠩᠬᠠᠠ ᠳᠤ ᠡᠶᠢᠮᠦ ᠳᠤᠮᠤ ᠬᠠᠳᠠ ᠶᠠᠭᠠᠬᠢᠵᠦ ᠪᠦᠳᠦᠭ᠍ᠰᠡᠡ ᠪᠤᠯ︖ᠡᠨᠡ ᠨᠢ ᠶᠠᠭ ᠯᠠ ᠮᠤᠨᠭᠭᠤᠯ ᠤᠯᠤᠰ ᠳ᠋ᠡᠬᠢ ᠲᠠᠶᠢᠬᠠᠷ ᠴᠢᠯᠠᠭᠤ ᠲᠠᠢ ᠠᠳᠠᠯᠢ ᠲᠦᠷᠦᠭᠳᠡᠯ ᠤᠯᠭᠤᠨ᠎ᠠ᠃ ᠬᠠᠩᠬᠢᠨ ᠬᠤᠰᠢᠭᠤᠨ ᠤ ᠨᠡᠷᠡᠳᠦ ᠵᠤᠬᠢᠶᠠᠯᠴᠢ ᠫ •ᠴᠢᠮᠡᠳᠳᠤᠷᠵᠢ ᠪᠠᠭᠰᠢ ᠵᠢᠨ ᠬᠡᠯᠡᠬᠦ ᠪᠡᠷ ᠳᠡᠬᠡᠭ ᠤᠨ ᠰᠢᠯᠢ ᠳᠤ ᠤᠤᠯ ᠨᠢ ᠭᠠᠯᠳᠤ ᠠᠭᠤᠯᠠ ᠳᠡᠯᠪᠡᠷᠡᠭ᠍ᠰᠡᠡ ᠮᠠᠭᠠᠳᠯᠠᠯ ᠪᠤᠢ᠃ ᠳᠡᠬᠡᠷ᠎ᠡ ᠵᠠᠭᠤᠨ ᠤ ᠭᠤᠴᠢ ᠳᠦᠴᠢᠬᠡᠳ ᠤᠨ ᠳᠤ ᠶᠠᠫᠤᠨ ᠡᠷᠳᠡᠮᠳᠡᠳ ᠡ᠊ᠨᠳᠡ ᠢᠷᠡᠵᠦ ᠰᠢᠨᠵᠢᠯᠠᠯ ᠰᠤᠳᠤᠯᠤᠭ᠎ᠠ ᠬᠢᠭ᠍ᠰᠡᠡ ᠳᠡᠮᠳᠡᠭ᠍ᠯᠡᠯ ᠪᠠᠶᠢᠳᠠᠭ ᠬᠡᠬᠦ ᠨᠢ ᠪᠠᠷᠤᠭ ᠤᠷᠤ ᠳᠠᠢ ᠪᠠᠶᠢᠬ᠎ᠠ᠃ ᠬᠡᠷᠪᠡ ᠦᠨᠡᠬᠡᠷ ᠭᠠᠯᠳᠤ ᠠᠭᠤᠯᠠ ᠳᠡᠯᠪᠡᠷᠡᠵᠦ ᠦᠩᠬᠡᠷᠡᠭ᠍ᠰᠡᠡ ᠪᠤᠯ ᠬᠠᠷ᠎ᠠ ᠬᠠᠳᠠᠠ ᠤ ᠳᠦᠯᠡᠩᠬᠡᠢ ᠴᠢᠯᠡᠭᠤ ᠵᠢᠨ ᠦᠩᠬᠡ᠂ ᠨᠢᠴᠦᠬᠦᠨ ᠡᠯᠡᠰᠦᠨ ᠳᠡᠬᠡᠷᠡᠬᠢ ᠠᠪᠳᠠᠷ᠎ᠠ ᠬᠠᠳᠠᠠ ᠤ ᠨᠢᠭᠤᠴᠠ ᠨᠢ ᠨᠢᠭᠤᠴᠠ ᠪᠢᠰᠢ ᠪᠤᠯᠵᠦ ᠠᠶᠠᠨᠳᠠᠭᠠᠠ ᠳᠠᠶᠢᠯᠤᠭᠳᠠᠨ᠎ᠠ᠃

ᠳᠡᠬᠡᠭ ᠤᠨ ᠤᠷᠤᠢ ᠡᠴᠡ ᠵᠡᠬᠦᠨ ᠬᠤᠶᠢᠰᠢ ᠪᠠᠷᠠᠭᠠᠯᠠᠪᠠᠯ ᠪᠤᠯᠤᠩ ᠤᠨ ᠴᠠᠶᠢᠳᠠᠮ ᠡᠴᠡ ᠡᠬᠢᠯᠡᠬᠡᠳ ᠴᠢᠨᠠᠭᠰᠢ ᠠᠷᠪᠢᠨ ᠤᠯᠠᠠ ᠨᠠᠭᠤᠷ ᠪᠦᠷᠢᠳᠤ ᠡᠯᠡᠰᠦ ᠮᠠᠩᠬᠠᠠ ᠳᠤᠮᠳᠠ ᠴᠠᠶᠢᠯᠵᠠᠠ ᠬᠠᠷᠠᠭᠳᠠᠨ᠎ᠠ᠃ ᠡᠨᠡ ᠨᠢ ᠳᠡᠬᠡᠭ ᠤᠨ ᠰᠢᠯᠢ ᠳᠤ ᠤᠰᠤᠨ ᠤ ᠡᠬᠢ ᠰᠤᠷᠪᠤᠯᠵᠢ ᠡᠯᠪᠡᠭ ᠪᠠᠶᠠᠯᠢᠭ ᠬᠡᠵᠦ ᠬᠡᠯᠡᠬᠡᠳ ᠪᠠᠶᠢᠭ᠎ᠠ ᠮᠡᠳᠦ᠃ ᠳᠡᠬᠡᠭ ᠤᠨ ᠤᠰᠤ ᠡᠯᠪᠡᠭ ᠪᠤᠯᠬᠤᠷ ᠬᠠᠩᠬᠢᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠳᠡᠬᠡᠭ ᠤᠨ ᠰᠢᠯᠢ ᠵᠢ ᠳᠤᠰ ᠬᠤᠰᠢᠭᠤᠨ ᠤ ᠪᠠᠯᠭᠤᠨ᠂ ᠬᠦᠬᠡᠮᠤᠳᠤ᠂ ᠵᠢᠷᠭᠠᠯᠠᠩᠳᠤ ᠪᠠᠯᠭᠠᠰᠤ ᠵᠢᠨ ᠳᠦᠬᠡᠬᠡᠯ ᠤᠰᠤᠨ ᠤ ᠴᠢᠨᠠᠷ ᠢ ᠰᠠᠶᠢᠵᠢᠷᠠᠭᠤᠯᠬᠤ ᠪᠠᠷᠢᠯᠭ᠎ᠠ ᠵᠢᠨ PPP ᠳᠦᠷᠦᠯ ᠵᠦᠢᠯ ᠤᠨ ᠢᠨᠵᠸᠨ᠋ᠸᠷᠢᠩ ᠤᠨ ᠤᠰᠤᠨ ᠤ ᠡᠬᠢ ᠰᠤᠷᠪᠤᠯᠵᠢ ᠵᠢᠨ ᠤᠷᠤᠨ ᠪᠤᠯᠭᠠᠵᠠᠢ᠃ ᠳᠡᠬᠡᠭ ᠤᠨ ᠰᠢᠯᠢ ᠨᠢ ᠪᠠᠶᠢᠭᠠᠯᠢ ᠤᠷᠴᠢᠨ ᠵᠢᠡᠷ ᠵᠢᠡᠡ ᠳᠤᠰᠠᠭᠠᠷ ᠤᠷᠤᠰᠢᠳᠠᠭ ᠵᠢᠡᠷ ᠡᠪᠡᠰᠦ ᠤᠷᠭᠤᠮᠠᠯ ᠨᠢ ᠴᠤ ᠦᠬᠡᠷ᠎ᠠ ᠭᠠᠵᠠᠷ ᠤᠨ ᠬᠢ ᠡᠴᠡ ᠤᠨᠴᠠᠯᠢᠭᠳᠠᠳᠠᠭ᠃ ᠡ᠊ᠨᠳᠡ ᠰᠢᠪᠠᠭ᠂ ᠬᠤᠯᠤᠰᠤ᠂ ᠠᠯᠳᠠᠠ ᠬᠠᠷᠭᠠᠨ᠎ᠠ᠂ ᠮᠦᠩᠬᠡ ᠬᠠᠷᠭᠠᠨ᠎ᠠ᠂ ᠳᠡᠷᠡᠰᠦ᠂ ᠬᠢᠶᠠᠭ᠂ ᠦᠯᠦᠩ᠂ ᠠᠬᠢ᠂ ᠬᠢᠯᠭᠠᠨ᠎ᠠ ᠵᠡᠷᠬᠡ ᠨᠡᠶᠢᠳᠡᠮ ᠤᠨ ᠤᠷᠭᠤᠮᠠᠯ ᠪᠠᠶᠢᠬᠤ ᠪᠡᠷ ᠪᠠᠷᠠᠬᠤ ᠦᠬᠡᠢ᠂ ᠵᠡᠷᠯᠢᠭ ᠬᠦᠢᠯᠡᠰᠦ᠂ ᠤᠷᠳᠤᠳ᠂ ᠰᠢᠯᠪᠢ᠂ ᠴᠠᠬᠢᠯᠳᠠᠭ ᠵᠡᠷᠬᠡ ᠬᠤᠪᠤᠷ ᠴᠤᠬᠠᠭ ᠤᠷᠭᠤᠮᠠᠯ ᠴᠤ ᠪᠠᠶᠢᠳᠠᠭ᠃ ᠡᠬᠦᠨ ᠤ ᠳᠤᠳᠤᠷ᠎ᠠ ᠵᠡᠷᠯᠢᠭ ᠬᠦᠢᠯᠡᠰᠦ᠂ ᠪᠠᠯᠭᠤᠠ ᠮᠤᠳᠤ ᠪᠤᠯ ᠤᠨᠴᠠ ᠬᠤᠪᠤᠷ ᠬᠤᠶᠠᠷ ᠵᠦᠢᠯ ᠤᠨ ᠮᠤᠳᠤᠨ ᠤ ᠳᠦᠷᠦᠯ ᠪᠤᠯᠤᠨ᠎ᠠ᠃ ᠳᠡᠬᠡᠭ ᠤᠨ ᠰᠢᠯᠢ ᠵᠢᠨ ᠵᠡᠬᠦᠨ ᠳᠠᠯ᠎ᠠ ᠳᠤ ᠪᠠᠶᠢᠷᠢᠰᠢᠬᠤ ᠬᠠᠷ᠎ᠠ ᠬᠠᠳᠠᠠ ᠤ ᠤᠷᠤᠢ ᠳᠤ ᠬᠠᠳᠠᠠ ᠵᠠᠪᠰᠠᠷ ᠡᠴᠡ ᠦᠨᠳᠦᠰᠦᠯᠡᠭ᠍ᠰᠡᠡ ᠪᠦᠬᠡᠷᠡᠩᠬᠡᠢ ᠨᠤᠭᠤᠭᠠᠠ ᠨᠠᠪᠴᠢ᠂ ᠬᠠᠳᠠᠭᠤᠯᠢᠭ ᠡᠰᠢ ᠳᠠᠢ ᠨᠢᠬᠡ ᠵᠦᠢᠯ ᠤᠨ ᠮᠤᠳᠤ ᠪᠤᠢ᠃ ᠡᠨᠡ ᠪᠤᠯ ᠳᠠᠷᠤᠢ ᠵᠡᠷᠯᠢᠭ ᠬᠦᠢᠯᠡᠰᠦ ᠪᠤᠯᠤᠨ᠎ᠠ᠃ ᠪᠢᠴᠢᠭ ᠮᠠᠲ᠋ᠸᠷᠢᠶᠠᠯ ᠢ ᠤᠷᠪᠠᠭᠤᠯᠪᠠᠯ ᠵᠡᠷᠯᠢᠭ ᠬᠦᠢᠯᠡᠰᠦ ᠵᠢᠨ ᠪᠢᠴᠢᠭ ᠤᠨ ᠨᠡᠷ᠎ᠡ ᠨᠢ ᠮᠤᠩᠭᠤᠯ ᠬᠦᠢᠯᠡᠰᠦ ᠬᠡᠵᠦ ᠪᠠᠶᠢᠯ᠎ᠠ᠃ ᠵᠡᠷᠯᠢᠭ ᠬᠦᠢᠯᠡᠰᠦ ᠨᠢ ᠵᠢᠯ ᠪᠦᠷᠢ ᠵᠢᠨ 4 ᠰᠠᠷ᠎ᠠ ᠵᠢᠨ 15  ᠤ ᠡᠮᠦᠨ᠎ᠡ ᠬᠤᠶᠢᠨ᠎ᠠ ᠤᠮᠠᠷᠠᠳᠤ ᠵᠢᠨ ᠳᠦᠮᠡ ᠮᠢᠩᠭᠠᠠ ᠤᠷᠭᠤᠮᠠᠯ ᠤᠨ ᠳᠤᠳᠤᠷ᠎ᠠ ᠬᠠᠮᠤᠭ ᠡᠴᠡ ᠡᠮᠦᠨ᠎ᠡ ᠴᠡᠴᠡᠭ᠍ᠯᠡᠵᠦ᠂ ᠰᠠᠶᠢᠬᠠᠠ ᠬᠤᠨᠳᠤᠨ ᠴᠡᠴᠡᠭ ᠭᠠᠷᠳᠠᠭ ᠬᠡᠨ᠎ᠡ᠃  

 ᠳᠡᠬᠡᠭ ᠤᠨ ᠰᠢᠯᠢ ᠵᠢᠨ ᠴᠠᠶᠢᠳᠠᠮ ᠳᠤ ᠰᠤᠬᠠᠢ ᠳᠠᠢ ᠠᠳᠠᠯᠢᠪᠳᠤᠷ ᠴᠤ ᠰᠤᠬᠠᠢ ᠡᠴᠡ ᠪᠤᠭᠤᠨᠢ ᠨᠢᠬᠡ ᠵᠦᠢᠯ ᠤᠨ ᠮᠤᠳᠤ ᠪᠤᠢ᠃ ᠨᠤᠳᠤᠭ ᠤᠨ ᠬᠢᠨ ᠳᠡᠬᠦᠨ ᠢ ᠪᠠᠯᠭᠤᠨ ᠮᠤᠳᠤ᠂ ᠴᠢᠳᠬᠦᠷ ᠤᠨ ᠮᠤᠳᠤ ᠬᠡᠨ᠎ᠡ᠃ ᠪᠠᠯᠭᠤᠨ ᠮᠤᠳᠤ ᠵᠢ ᠮᠠᠯ ᠢᠳᠡᠳᠡᠭ ᠦᠬᠡᠢ᠃ ᠮᠠᠯᠴᠢᠳ ᠴᠤ ᠳᠦᠯᠡᠳᠡᠭ ᠦᠬᠡᠢ᠃  

 ᠳᠡᠬᠡᠭ ᠤᠨ ᠰᠢᠯᠢ ᠵᠢᠨ ᠠᠬᠠᠮᠠᠳ ᠳᠤᠮᠤᠭᠠᠳᠠᠳ ᠤᠨ ᠡᠷᠬᠢᠴᠡᠬᠦᠯᠬᠦ ᠪᠡᠷ ᠳᠡᠬᠡᠭ ᠤᠨ ᠰᠢᠯᠢ ᠤᠨ ᠤᠢᠢᠷ᠎ᠠ ᠬᠠᠪᠢ ᠳᠤ ᠤᠤᠯ ᠨᠢ ᠤᠷᠳᠤᠳ᠂ ᠰᠢᠯᠪᠢ ᠴᠤᠬᠤᠮ ᠰᠠᠶᠢᠨ ᠤᠷᠭᠤᠵᠦ᠂ ᠳᠡᠮᠡᠬᠡᠳ ᠶᠠᠬᠡ ᠬᠤᠮᠤᠷᠭᠠᠠ ᠪᠤᠯᠳᠠᠭ ᠪᠠᠶᠢᠵᠠᠢ᠃ ᠬᠡᠪᠡᠴᠦ ᠤᠳᠤ ᠵᠦᠪᠬᠡᠡ ᠰᠢᠪᠠᠭ ᠪᠤᠳᠠᠠ ᠤ ᠳᠤᠮᠳᠠ ᠬᠠᠶᠠ ᠬᠠᠶᠠ ᠬᠠᠷᠭᠤᠬᠤ ᠳᠡᠳᠦᠢ ᠪᠤᠯᠵᠠᠢ᠃ ᠮᠠᠨᠭᠬᠠᠨ ᠬᠦᠨ ᠳ᠋ᠡᠬᠢ ᠮᠠᠯᠴᠢᠳ ᠤᠨ ᠨᠠᠭᠠᠳᠤᠮ ᠰᠠᠶᠢᠬᠠᠨ ᠪᠤᠯᠵᠤ ᠮᠠᠰᠢ ᠤᠯᠠᠨ ᠬᠦᠮᠦᠨ ᠤ ᠬᠠᠷᠠᠭᠠᠨ ᠳ᠋ᠤ ᠬᠦᠷᠦᠯ᠎ᠡ᠃ ᠤᠳᠤ ᠡᠴᠡ ᠡᠬᠢᠯᠡᠨ ᠡᠨᠳᠡ ᠵᠢᠯ ᠡᠴᠡ ᠵᠢᠯ ᠬᠦᠮᠦᠨ ᠤᠯᠠᠰᠢᠷᠠᠨ᠂ ᠲᠡᠭᠡᠭ ᠤᠨ ᠰᠢᠯᠢ᠂ ᠲᠡᠮᠡᠬᠡᠨ ᠬᠠᠳᠠ᠂ ᠬᠠᠷ᠎ᠠ ᠬᠠᠳᠠ᠂ ᠠᠪᠳᠠᠷ᠎ᠠ ᠬᠠᠳᠠ ᠨᠢ ᠤᠯᠠᠨ ᠮᠢᠨᠭᠭᠠᠨ ᠤ ᠬᠦᠮᠦᠨ ᠤ ᠬᠠᠷᠠᠭᠠᠨ ᠳ᠋ᠤ ᠬᠦᠷᠬᠦ ᠨᠢ ᠮᠡᠳᠡᠬᠡᠵᠢ᠃