ᠪᠤᠶᠠᠨᠳᠤ ᠬᠦᠳᠡᠭᠡ ᠲᠤᠰᠬᠤᠨ ᠢ ᠬᠦᠭ᠍ᠵᠢᠭᠦᠯᠦᠨ ᠮᠠᠨᠳᠤᠭᠤᠯᠬᠤ ᠳᠤ ᠴᠢᠳᠠᠪᠤᠷᠢᠳᠡᠨ ᠪᠣᠯ ᠵᠠᠩᠬᠢᠯᠠᠭ᠎ᠠ ᠮᠥᠨ᠃ ᠴᠢᠳᠠᠪᠤᠷᠢᠳᠡᠨ ᠤ ᠲᠠᠭᠠᠭᠤᠯᠤᠭᠴᠢ ᠢᠢᠨ ᠤᠶᠢᠯᠡᠳᠤᠯ ᠢ ᠬᠦᠢᠴᠡᠳ ᠪᠠᠳᠠᠷᠠᠭᠤᠯᠬᠤ ᠨᠢ ᠬᠦᠳᠡᠭᠡ ᠲᠤᠰᠬᠤᠨ ᠢ ᠬᠥᠭ᠍ᠵᠢᠭᠦᠯᠦᠨ ᠮᠠᠨᠳᠤᠭᠤᠯᠬᠤ ᠳᠤ ᠯᠤᠳᠤ ᠶᠡᠭᠡ ᠤᠶᠢᠯᠡᠳᠤᠯ ᠦᠵᠡᠭᠦᠯᠬᠦ ᠪᠣᠯᠣᠨ᠎ᠠ᠃ ᠦᠤᠰᠢᠨ ᠬᠤᠰᠢᠭᠤᠨ ᠤ ᠰᠦᠯᠳᠡ ᠰᠤᠮᠤᠨ ᠤ ᠲᠤᠭᠤᠷᠢᠮ ᠭᠠᠴᠭᠠᠠᠨ ᠤ ᠮᠠᠯᠴᠢᠨ ᠲᠠᠯᠠᠶᠢᠪᠠᠶᠠᠷ ᠨᠠᠮ ᠤᠨ ᠭᠡᠰᠢᠭᠦᠨ ᠤ ᠡᠭᠦᠷᠭᠡ ᠬᠠᠷᠢᠭᠤᠴᠯᠠᠭ᠎ᠠ ᠪᠠᠨ ᠦᠢᠯᠡᠳᠦᠯᠬᠡᠵᠢᠭᠦᠯᠵᠤ ᠲᠠᠭᠠᠭᠤᠯᠤᠭᠴᠢ ᠢᠢᠨ ᠤᠶᠢᠯᠡᠳᠤᠯ ᠢᠶᠠᠨ ᠰᠡᠶᠢᠳᠤᠷ ᠪᠠᠳᠠᠷᠠᠭᠤᠯᠤᠨ᠂ ᠭᠠᠴᠭᠠᠨ ᠤ ᠮᠠᠯᠴᠢᠨ ᠲᠠᠷᠢᠶᠠᠴᠢᠳ ᠢᠶᠠᠨ ᠲᠠᠶᠢᠴᠢᠯᠠᠨ ᠬᠤᠷᠰᠢᠶᠠᠵᠢᠯ ᠪᠠᠶᠢᠭᠤᠯᠵᠤ ᠤᠷᠤᠨ ᠨᠣᠳᠤᠭ ᠤᠨ ᠦᠭᠡᠷ ᠬᠤᠨᠢᠨ ᠮᠢᠬ᠎ᠠ ᠪᠤᠯᠤᠨ ᠴᠠᠭᠠᠨ ᠢᠳᠡᠭᠡ ᠪᠠᠨ ᠲᠠᠸᠠᠷᠴᠢᠯᠠᠨ ᠪᠤᠷᠤᠯᠠᠭᠤᠯᠵᠤ᠂ ᠭᠠᠴᠭᠠᠠᠨ ᠤ ᠬᠠᠮᠳᠤ ᠢᠢᠨ ᠠᠵᠤ ᠠᠬᠤᠢ ᠢᠢᠨ ᠬᠦᠭ᠍ᠵᠢᠯᠳᠡ ᠪᠤᠯᠣᠨ ᠬᠦᠳᠡᠭᠡ ᠲᠤᠰᠬᠤᠨ ᠢ ᠬᠦᠭ᠍ᠵᠢᠭᠦᠯᠦᠨ ᠮᠠᠨᠳᠤᠭᠤᠯᠬᠤ ᠳᠤ ᠦᠪᠡᠷ ᠤᠨ ᠢᠶᠠᠨ ᠨᠢᠭᠡᠨ ᠬᠤᠪᠢ ᠬᠦᠴᠦ ᠪᠠᠨ ᠡᠷᠬᠦᠵᠦ ᠶᠠᠪᠤᠨ᠎ᠠ᠃
ᠤᠶᠢᠷ᠎ᠠ ᠳ᠋ᠤ ᠦᠬᠡᠷ ᠬᠤᠨᠢᠨ ᠮᠢᠬᠠᠨ ᠤ ᠵᠠᠬᠢᠶᠠᠯᠠᠭ᠎ᠠ ᠨᠡᠯᠢᠶᠠᠳ ᠠᠷᠪᠢᠨ ᠪᠤᠯᠬᠤᠷ ᠲᠠᠯᠠᠶᠢᠪᠠᠶᠠᠷ ᠮᠠᠯᠴᠢᠨ ᠠᠶᠢᠯ ᠤᠳ ᠢᠶᠠᠷ ᠶᠠᠪᠤᠵᠤ ᠥᠭᠡᠷ ᠬᠤᠨᠢ ᠬᠤᠳᠠᠯᠳᠤᠨ ᠠᠪᠬᠤ ᠴᠢᠬᠤᠯᠠᠳᠠᠢ ᠪᠤᠯᠪᠠ᠃ ᠡᠶᠢᠨ ᠬᠦ ᠲᠡᠷᠡ ᠤᠷᠳᠤᠰ ᠤᠨ ᠨᠠᠷᠢᠨ ᠨᠤᠤᠰᠤᠳᠤ ᠬᠤᠨᠢᠨ ᠤ ᠮᠢᠬ᠎ᠠ ᠵᠠᠬᠢᠶᠠᠯᠠᠬᠤ ᠪᠠᠷ ᠭᠠᠴᠭᠠᠠᠨ ᠤ ᠪᠠᠨ ᠮᠠᠯᠴᠢᠨ ᠵᠤᠷᠢᠭᠳᠤ ᠢᠢᠨ ᠬᠢ ᠵᠢ ᠵᠤᠷᠢᠯ᠎ᠠ᠃ ᠭᠠᠳᠠᠭᠰᠢ ᠪᠣᠷᠣᠯᠠᠭᠤᠯᠬᠤ ᠮᠢᠬᠠᠨ ᠤ ᠴᠢᠨᠡᠷ ᠴᠢᠨᠰᠠᠭ᠎ᠠ ᠢᠢ ᠰᠠᠶᠢᠲᠤᠷ ᠪᠠᠳᠤᠯᠬᠤ ᠢᠢᠨ ᠲᠤᠰᠠᠳᠠ ᠳᠠᠯᠠᠶᠢᠪᠠᠶᠠᠷ ᠤᠳᠠᠭ᠎ᠠ ᠪᠤᠯᠭᠠᠨ ᠤ ᠵᠠᠬᠢᠶᠠᠯᠠᠭ᠎ᠠ ᠢᠢᠨ ᠮᠢᠬ᠎ᠠ ᠪᠡᠯᠡᠳᠭᠡᠭᠦ ᠳ᠋ᠡᠬᠡᠨ ᠵᠠᠪᠠᠯ ᠦᠪᠡᠷ ᠢᠶᠠᠨ ᠮᠠᠯᠴᠢᠨ ᠠᠶᠢᠯ ᠢᠶᠠᠷ ᠣᠷᠣᠵᠣ ᠠᠯᠢ ᠲᠤᠭᠤᠭᠰᠠᠨ ᠦᠭᠡᠷ ᠬᠤᠨᠢ ᠪᠠᠨ ᠬᠤᠷᠢᠶᠠᠨ ᠠᠪᠳᠠᠭ ᠪᠠᠶᠢᠨ᠎ᠠ᠃ ᠡᠨᠡᠭᠦ ᠪᠠᠷᠢᠮᠳᠠᠯᠠᠯ ᠨᠢ ᠲᠡᠭᠦᠨ ᠤ ᠤᠯᠠᠭᠠᠨ ᠢᠳᠡᠭᠡᠨ ᠤ ᠤᠶᠢᠯᠡᠰ ᠢᠶᠠᠨ ᠤᠳᠠᠭᠠᠨ ᠵᠢᠯ ᠡᠷᠬᠢᠯᠡᠵᠦ ᠴᠢᠳᠠᠭᠰᠠᠨ ᠤ ᠬᠢᠨᠢ ᠭᠡᠷᠡᠴᠢᠯᠡᠯ ᠪᠠᠶᠢᠭ᠎ᠠ ᠶᠤᠮ᠃ ᠲᠡᠷᠡ ᠤᠶᠢᠷ᠎ᠠ ᠬᠠᠪᠢ ᠢᠢᠨ ᠭᠡᠷᠡᠭ᠍ᠯᠡᠭ᠍ᠴᠢᠳ ᠤᠨ ᠵᠠᠬᠢᠶᠠᠯᠠᠭᠰᠠᠨ ᠮᠢᠬ᠎ᠠ ᠢᠢ ᠰᠢᠭᠤᠳ ᠬᠡᠷ ᠲᠤᠨᠢ ᠭᠦᠷᠭᠡᠵᠦ ᠦᠭ᠍ᠳᠡᠭ ᠪᠠᠶᠢᠵᠤ᠂ ᠭᠠᠳᠠᠨ᠎ᠠ ᠮᠤᠵᠢ ᠤᠷᠤᠨ ᠤ ᠭᠡᠷᠡᠭ᠍ᠯᠡᠭ᠍ᠴᠢᠳ ᠲᠤ ᠲᠦᠷᠭᠡᠨ ᠭᠤᠪᠢᠭᠤᠯᠭ᠎ᠠ ᠪᠠᠷ ᠶᠠᠪᠤᠭᠤᠯᠬᠤ ᠪᠤᠶᠤ︽ᠮᠢᠬᠠᠨ ᠤ ᠺᠠᠷᠲ︾ ᠶᠠᠪᠤᠭᠤᠯᠬᠤ ᠭᠡᠯᠪᠡᠷᠢ ᠪᠠᠷ ᠪᠤᠷᠤᠯᠠᠭᠤᠯᠳᠠᠭ ᠪᠠᠶᠢᠨ᠎ᠠ᠃
ᠲᠠᠯᠠᠶᠢᠪᠠᠶᠠᠷ 2011 ᠣᠨ ᠳᠤ ᠭᠠᠴᠭᠠᠠᠨ ᠤ ᠪᠠᠨ ᠭᠡᠳᠤᠨ ᠮᠠᠯᠴᠢᠨ ᠡᠷᠤᠭᠡ ᠲᠠᠢ ᠬᠠᠮᠳᠤᠷᠠᠨ ᠲᠠᠪᠤᠨ ᠬᠤᠰᠢᠭᠤ ᠮᠠᠯ ᠤᠨ ᠰᠤᠶᠤᠯ ᠤᠨ ᠲᠤᠰᠬᠠᠢ ᠬᠤᠷᠰᠢᠶᠠᠵᠢᠯ ᠢᠢ ᠪᠠᠶᠢᠭᠤᠯᠵᠤ᠂ ᠨᠣᠳᠤᠭ ᠤᠷᠤᠨ ᠤ ᠪᠠᠨ ᠮᠠᠯᠴᠢᠳ ᠤᠨ ᠦᠭᠡᠷ ᠬᠤᠨᠢᠨ ᠮᠢᠬ᠎ᠠ ᠢᠢ ᠪᠣᠷᠣᠯᠠᠭᠤᠯᠬᠤ᠂ ᠴᠠᠭᠠᠨ ᠢᠳᠡᠭᠡ ᠢᠢ ᠪᠤᠯᠪᠠᠰᠤᠷᠠᠭᠤᠯᠤᠨ ᠪᠤᠷᠤᠯᠠᠭᠤᠯᠬᠤ ᠵᠡᠷᠭᠡ ᠠᠵᠢᠯ ᠢ ᠡᠬᠢᠯᠡᠨ ᠬᠢᠵᠡᠢ᠃ ᠲᠤᠰ ᠬᠤᠷᠰᠢᠶᠠᠵᠢᠯ ᠨᠢ ᠠᠷᠪᠠ ᠭᠠᠷᠤᠢ ᠵᠢᠯ ᠤᠨ ᠬᠦᠭ᠍ᠵᠢᠯᠳᠡ ᠪᠠᠷ ᠭᠡᠰᠢᠭᠦᠳ ᠨᠢ ᠴᠤ ᠤᠯᠠᠨ ᠪᠤᠯᠤᠭᠰᠠᠨ ᠤ ᠬᠠᠮᠳᠤ ᠠᠵᠢᠯ ᠤᠨ ᠬᠦᠷᠢᠶ᠎ᠡ ᠭᠡᠪᠴᠢᠶ᠎ᠡ ᠨᠢ ᠴᠤ ᠦᠷᠭᠡᠵᠢᠭ᠍ᠰᠡᠨ ᠪᠠᠶᠢᠨ᠎ᠠ᠃ ᠡᠨᠡ ᠭᠦ ᠬᠤᠷᠰᠢᠶᠠᠵᠢᠯ ᠤᠨ ᠤᠶᠢᠯᠡᠳᠪᠤᠷᠢ ᠢᠢᠨ ᠭᠠᠵᠠᠷ ᠲᠤ ᠤᠳᠣ ᠤᠯᠠᠭᠠᠨ ᠢᠳᠡᠭᠡ ᠪᠤᠯᠤᠨ ᠴᠠᠭᠠᠨ ᠢᠳᠡᠭᠡ ᠢᠢ ᠵᠢᠯ ᠤᠨ ᠲᠦᠷᠪᠡᠨ ᠤᠯᠠᠷᠢᠯ ᠢᠶᠠᠷ ᠪᠤᠯᠪᠠᠰᠤᠷᠠᠭᠤᠯᠤᠨ ᠬᠢᠵᠦ ᠪᠠᠶᠢᠨ᠎ᠠ᠃ ᠢᠯᠠᠩᠭᠤᠶ᠎ᠡ ᠴᠠᠭᠠᠨ ᠢᠳᠡᠭᠡᠨ ᠤ ᠪᠤᠷᠤᠯᠠᠭᠤᠯᠭ᠎ᠠ ᠢᠢᠨ ᠬᠠᠩᠭᠠᠯᠭ᠎ᠠ ᠨᠢ ᠬᠦᠷᠭᠦ ᠦᠭᠡᠢ ᠪᠣᠯᠵᠤ ᠲᠠᠯᠠᠶᠢᠪᠠᠶᠠᠷ ᠢ ᠰᠠᠨᠳᠤᠷᠭᠠᠳᠠᠭ ᠤᠳᠠᠭ᠎ᠠ ᠴᠤ ᠤᠯᠠᠨ ᠪᠤᠢ᠃ ᠴᠠᠭᠠᠨ ᠢᠳᠡᠭᠡ ᠪᠤᠯᠪᠠᠰᠤᠷᠠᠭᠤᠯᠬᠤ ᠲᠠᠰᠤᠭ ᠲᠤ ᠭᠤᠤᠯᠳᠠᠭᠤ ᠦᠷᠤᠮ᠎ᠠ᠂ ᠴᠦᠷᠮ᠎ᠠ᠂ ᠴᠠᠭᠠᠨ ᠲᠤᠰᠤ᠂ ᠰᠢᠷ᠎ᠠ ᠲᠤᠰᠤ᠂ ᠠᠶᠢᠷᠠᠭ ᠵᠡᠷᠭᠡ ᠴᠠᠭᠠᠨ ᠢᠳᠡᠭᠡ ᠢᠢ ᠤᠶᠢᠯᠡᠳᠪᠤᠷᠢᠯᠠᠨ ᠪᠤᠯᠪᠠᠰᠤᠷᠠᠭᠤᠯᠵᠤ᠂ ᠤᠷᠳᠤᠰ ᠤᠨ ᠡᠯ᠎ᠡ ᠬᠤᠰᠢᠭᠤ ᠲᠤᠭᠤᠷᠢᠭ ᠠᠴᠠ ᠭᠠᠳᠠᠨ᠎ᠠ ᠲᠡᠮᠡᠭᠡᠳᠤ᠂ ᠱᠠᠨᠰᠢ᠂ ᠪᠤᠭᠤᠳᠤ ᠵᠡᠷᠭᠡ ᠭᠠᠵᠠᠷ ᠤᠳ ᠲᠤ ᠪᠤᠷᠤᠯᠠᠭᠤᠯᠵᠤ ᠪᠤᠢ᠃ ᠴᠠᠭᠠᠨ ᠢᠳᠡᠭᠡᠨ ᠤ ᠤᠶᠢᠯᠡᠳᠪᠤᠷᠢ ᠢᠢᠨ ᠰᠦᠨ ᠤ ᠬᠠᠩᠭᠠᠯᠭ᠎ᠠ ᠢᠢ ᠮᠠᠯᠴᠢᠳ ᠤᠨ ᠲᠡᠵᠢᠭᠡᠵᠦ ᠪᠠᠶᠢᠭ᠎ᠠ ᠰᠠᠭᠠᠯᠢ ᠢᠢᠨ ᠦᠨᠢᠶᠠᠨ ᠤ ᠰᠦ ᠬᠠᠩᠭᠠᠵᠤ ᠳᠡᠶᠢᠯᠬᠦ ᠦᠭᠡᠢ ᠪᠤᠯᠬᠤᠷ ᠪᠠᠶᠠᠠᠨᠠᠭᠤᠷ ᠬᠤᠳᠠ ᠠᠴᠠ ᠪᠠᠰᠠ ᠤᠷᠤᠭᠤᠯᠳᠠᠭ ᠪᠠᠶᠢᠨ᠎ᠠ᠃ ᠴᠠᠭᠠᠨ ᠢᠳᠡᠭᠡᠨ ᠤ ᠪᠤᠷᠤᠯᠠᠭᠤᠯᠭ᠎ᠠ ᠢᠢᠨ ᠰᠡᠶᠢᠵᠢᠷᠠᠬᠤ ᠢᠢ ᠲᠠᠭᠠᠯᠳᠤᠨ ᠴᠠᠭᠠᠨ ᠢᠳᠡᠭᠡᠨ ᠤ ᠤᠶᠢᠯᠡᠳᠪᠤᠷᠢ ᠳᠤ ᠤᠳᠣ ᠲᠠᠪᠤᠨ ᠠᠵᠢᠯᠳᠠᠨ ᠢ ᠤᠷᠳᠤ ᠬᠤᠭᠤᠴᠠᠭ᠎ᠠ ᠪᠠᠷ ᠵᠠᠷᠤᠵᠤ ᠪᠠᠶᠢᠬᠤ ᠮᠦᠷᠳᠡᠭᠡᠨ ᠤᠨᠴᠠ ᠶᠠᠭᠠᠷᠠᠤ ᠦᠶ᠎ᠡ ᠳ᠋ᠡᠬᠡᠨ ᠤᠶᠢᠷ᠎ᠠ ᠬᠠᠪᠢ ᠢᠢᠨ ᠮᠠᠯᠴᠢᠳ ᠢᠶᠠᠨ ᠬᠦᠯᠥᠰᠤ ᠪᠠᠷ ᠵᠠᠷᠤᠳᠠᠭ ᠪᠠᠶᠢᠨ᠎ᠠ᠃
ᠵᠠᠬ᠎ᠠ ᠲᠡᠯᠭᠡᠭᠦᠷ ᠲᠡᠭᠡᠷ᠎ᠡ ᠦᠪᠡᠷ ᠤᠨ ᠤᠷᠤᠨ ᠪᠠᠶᠢᠷᠢ ᠪᠠᠨ ᠣᠯᠬᠤ ᠳᠤ ᠵᠠᠪᠠᠯ ᠥᠪᠡᠷᠮᠢᠴᠡ ᠣᠨᠴᠠᠯᠢᠭ ᠲᠠᠢ ᠪᠠᠶᠢᠬᠤ ᠮᠥᠷᠲᠡᠭᠡᠨ ᠭᠡᠷᠡᠭ᠍ᠯᠡᠭ᠍ᠴᠢᠳ ᠤᠨ ᠭᠡᠷᠡᠭ᠍ᠴᠡᠭᠡ ᠱᠠᠭᠠᠷᠳᠠᠯᠭ᠎ᠠ ᠳᠤ ᠵᠣᠬᠢᠴᠠᠭᠤᠯᠤᠭᠰᠠᠨ ᠪᠠᠷᠠᠭ᠎ᠠ ᠪᠦᠳᠤᠭᠡᠭ᠍ᠳᠡᠭᠦᠨ ᠬᠢᠭᠦ ᠴᠢᠬᠤᠯᠠᠲᠠᠢ ᠪᠠᠶᠢᠳᠠᠭ᠃ ᠲᠠᠪᠤᠨ ᠬᠤᠰᠢᠭᠤ ᠮᠠᠯ ᠤᠨ ᠰᠤᠶᠤᠯ ᠤᠨ ᠲᠤᠰᠬᠠᠢ ᠬᠤᠷᠰᠢᠶᠠᠵᠢᠯ ᠨᠢ ᠵᠠᠬ᠎ᠠ ᠲᠡᠯᠭᠡᠭᠦᠷ ᠪᠤᠯᠤᠨ ᠭᠡᠷᠡᠭ᠍ᠯᠡᠭ᠍ᠴᠢᠳ ᠤᠨ ᠱᠠᠭᠠᠷᠳᠠᠯᠭ᠎ᠠ ᠢᠢ ᠬᠢᠷᠠᠬᠠᠢ ᠠᠵᠢᠭᠯᠠᠵᠤ ᠤᠯᠠᠮᠵᠢᠯᠡᠯᠳᠤ ᠴᠠᠭᠠᠨ ᠢᠳᠡᠭᠡ ᠬᠢᠬᠦ ᠳᠡᠭᠡᠨ ᠰᠢᠨ᠎ᠡ ᠬᠠᠶᠢᠨ ᠰᠦᠪᠡᠭ᠍ᠴᠢᠯᠡᠯᠳᠡ ᠬᠢᠵᠤ ᠦᠷᠤᠮ᠎ᠠ ᠲᠠᠢ ᠠᠶᠢᠷᠠᠭ᠂ ᠵᠢᠮᠢᠰ ᠤᠨ ᠰᠢᠭᠦᠰᠤ ᠲᠠᠢ ᠠᠶᠢᠷᠠᠭ ᠵᠡᠷᠭᠡ ᠰᠢᠨ᠎ᠡ ᠪᠦᠳᠤᠭᠡᠭ᠍ᠳᠡᠭᠦᠨ ᠢ ᠪᠤᠷᠤᠯᠠᠭᠤᠯᠵᠤ ᠪᠠᠶᠢᠨ᠎ᠠ᠃ ᠲᠠᠪᠤᠨ ᠬᠤᠰᠢᠭᠤ ᠮᠠᠯ ᠤᠨ ᠰᠤᠶᠤᠯ ᠤᠨ ᠲᠤᠰᠬᠠᠢ ᠬᠤᠷᠰᠢᠶᠠᠵᠢᠯ ᠨᠢ ᠲᠤᠭᠤᠷᠢᠮ ᠭᠠᠴᠠᠭᠠᠨ ᠤ ᠬᠠᠮᠳᠤ ᠢᠢᠨ ᠠᠵᠤ ᠠᠬᠤᠢ ᠳᠤ ᠤᠷᠤᠯᠭ᠎ᠠ ᠡᠭᠦᠳᠦᠭ᠍ᠰᠡᠨ ᠢᠶᠠᠷ ᠪᠠᠷᠠᠬᠤ ᠦᠭᠡᠢ ᠬᠦᠳᠡᠭᠡ ᠲᠤᠰᠬᠤᠨ ᠢ ᠬᠦᠭ᠍ᠵᠢᠭᠦᠯᠦᠨ ᠮᠠᠨᠳᠤᠭᠤᠯᠬᠤ ᠳᠤ ᠲᠠᠭᠠᠭᠤᠯᠤᠭᠴᠢ ᠢᠢᠨ ᠤᠶᠢᠯᠡᠳᠤᠯ ᠢ ᠪᠠᠳᠠᠷᠠᠭᠤᠯᠵᠤ᠂ ᠤᠷᠤᠨ ᠨᠣᠳᠤᠭ ᠤᠨ ᠮᠠᠯᠴᠢᠨ ᠲᠠᠷᠢᠶᠠᠴᠢᠳ ᠢᠶᠠᠨ ᠲᠠᠶᠢᠴᠢᠯᠠᠵᠤ ᠪᠠᠶᠠᠵᠢᠯ ᠤᠨ ᠵᠠᠮ ᠢᠶᠠᠷ ᠤᠷᠤᠭᠰᠢᠯᠠᠭᠰᠠᠭᠠᠷ ᠪᠠᠶᠢᠨ᠎ᠠ᠃ ᠲᠡᠷᠡᠴᠢᠯᠡᠨ ᠰᠦᠯᠳᠡ ᠰᠤᠮᠤᠨ ᠤ ᠲᠤᠭᠤᠷᠢᠮ ᠭᠠᠴᠠᠭ᠎ᠠ ᠨᠢ ᠰᠢᠨ᠎ᠡ ᠴᠠᠭ ᠦᠶ᠎ᠡ ᠢᠢᠨ ᠲᠤᠮᠳᠠᠳᠤ ᠤᠯᠣᠰ ᠢᠢᠨ ᠤᠨᠴᠠᠯᠢᠭ ᠲᠠᠢ ᠨᠡᠶᠢᠭᠡᠮ ᠵᠢᠷᠤᠮ ᠤᠨ ᠵᠠᠮ ᠢᠶᠠᠷ ᠭᠤᠶᠢᠪᠠᠰᠢ ᠦᠭᠡᠢ ᠵᠠᠮᠨᠠᠵᠤ᠂ ᠬᠦᠳᠡᠭᠡ ᠲᠤᠰᠬᠤᠨ ᠢ ᠭᠦᠭ᠍ᠵᠢᠭᠦᠯᠦᠨ ᠮᠠᠨᠳᠤᠭᠤᠯᠬᠤ ᠲᠦᠷᠥ ᠢᠢᠨ ᠪᠣᠳᠤᠯᠭ᠎ᠠ ᠢᠢ ᠰᠡᠶᠢᠳᠤᠷ ᠲᠤᠭᠤᠰᠢᠯᠠᠭᠤᠯᠤᠨ᠂ ᠭᠠᠴᠭᠠᠠᠨ ᠤ ᠪᠤᠳᠠᠳᠤ ᠪᠠᠶᠢᠳᠠᠯ ᠲᠠᠢ ᠪᠠᠨ ᠤᠶᠠᠯᠳᠤᠭᠤᠯᠤᠨ ᠮᠠᠯ ᠲᠠᠷᠢᠶᠠᠯᠡᠩ ᠤᠨ ᠤᠶᠢᠯᠡᠰ ᠢᠶᠠᠨ ᠬᠦᠭ᠍ᠵᠢᠭᠦᠯᠦᠨ ᠮᠠᠯᠴᠢᠳ ᠤᠨ ᠤᠶᠢᠯᠡᠰ ᠪᠤᠰᠬᠠᠬᠤ ᠢᠳᠡᠪᠬᠢᠵᠢᠯ ᠢ ᠳᠠᠶᠢᠴᠢᠯᠠᠵᠤ᠂ ᠰᠢᠨ᠎ᠡ ᠴᠠᠭ ᠡᠷᠢᠨ ᠤ ᠰᠢᠨ᠎ᠡ ᠬᠦᠳᠡᠭᠡ ᠲᠤᠰᠬᠤᠨ ᠤ ᠲᠦᠷᠢ ᠲᠦᠷᠭᠦ ᠢᠢ ᠴᠤᠭᠴᠠᠯᠠᠨ ᠱᠤᠭᠤᠵᠤ ᠪᠠᠶᠢᠨ᠎ᠠ᠃




