ᠰᠢᠯᠦᠭ ᠤᠨ ᠦᠨᠡᠨ ᠠᠮᠢᠳᠤᠷᠠᠯ ᠳ᠋ᠤ
ᠠᠮᠢᠳᠤᠷᠠᠯ ᠤᠨ ᠦᠨᠡᠨ ᠰᠢᠯᠦᠭ ᠲᠤ ᠤᠷᠤᠰᠢᠮᠤ︕
ᠰᠢᠯᠦᠭ ᠪᠢᠴᠢᠬᠦ ᠰᠢᠭ ᠡᠷᠬᠢᠮ ᠤᠴᠢᠷ ᠪᠠᠶᠢᠳᠠᠭ ᠤᠤ
ᠰᠢᠯᠦᠭ ᠪᠢᠴᠢᠬᠦ ᠰᠢᠭ ᠡᠬᠡᠯᠬᠡᠨ ᠤᠴᠢᠷ ᠪᠠᠰᠠ ᠪᠤᠢ ᠤᠤ
ᠡᠬᠡᠯᠬᠡᠨ ᠴᠢᠮ᠎ᠠ ᠶ᠋ᠢ ᠰᠢᠯᠦᠭ ᠰᠢᠭ ᠡᠷᠬᠢᠮ ᠪᠠᠳᠠᠭ ᠵᠢᠡᠷ ᠪᠢᠴᠢᠬᠦ
ᠡᠷᠭᠢᠮ ᠴᠢᠮ᠎ᠠ ᠶ᠋ᠢ ᠰᠢᠯᠦᠭ ᠰᠢᠭ ᠡᠬᠡᠯᠬᠡᠨ ᠪᠠᠳᠠᠭ ᠵᠢᠡᠷ ᠪᠢᠴᠢᠬᠦ
ᠰᠢᠯᠦᠭ ᠪᠢᠴᠢᠬᠦ ᠪᠠ ᠴᠢᠮ᠎ᠠ ᠶ᠋ᠢ ᠬᠠᠶᠢᠷᠠᠯᠠᠬᠤ ᠦᠨᠡᠨᠳᠡᠬᠡᠨ ᠠᠪ ᠠᠳᠠᠯᠢᠬᠠᠨ᠋
ᠠᠮᠠᠷᠠᠭ ᠰᠢᠭ ᠰᠢᠯᠥᠭ ᠮᠢᠨᠢ ᠰᠢᠯᠦᠭ ᠮᠡᠲᠤ ᠠᠮᠠᠷᠠᠭ ᠮᠢᠨᠢ ᠁
ᠶᠡᠭᠡ ᠨᠠᠶᠢᠷᠠᠭᠴᠢ ᠵᠢᠨ ᠤᠨᠭᠭᠤᠳ ᠡᠴᠡ ᠰᠡᠳᠬᠢᠯ ᠤᠨ ᠲᠡᠨᠭᠬᠡᠬᠡ ᠰᠡᠯᠪᠢᠵᠤ᠂ ᠡᠷᠡᠨ ᠴᠠᠭ ᠤᠨ ᠱᠤᠤᠬᠢᠶᠠᠨ ᠳ᠋ᠤ ᠬᠦᠰᠡᠯ ᠤᠨ ᠤᠶᠠᠭ᠎ᠠ ᠵᠠᠨᠭᠭᠢᠳᠬᠦ ᠮᠡᠲᠤ ᠡᠷᠳᠡᠮ ᠤᠨ ᠶᠡᠭᠡ ᠳᠠᠯᠠᠢ ᠳ᠋ᠤ ᠱᠤᠨᠭᠪᠠᠵᠤ ᠶᠠᠪᠤᠭ᠎ᠠ ᠰᠤᠷᠤᠭᠴᠢ ᠲᠡᠭᠦᠦ ᠨᠠᠷ ᠵᠢᠡᠨ ᠢᠷᠠᠭᠤ ᠨᠠᠶᠢᠷᠠᠭ ᠤᠨ ᠴᠡᠨᠭᠬᠡᠬᠦᠨ ᠳ᠋ᠤ ᠵᠢᠷᠭᠠᠬᠤ ᠰᠠᠨ ᠬᠡᠬᠦ ᠬᠦᠰᠡᠯ ᠵᠤᠷᠢᠯᠭ᠎ᠠ ᠵᠢᠨ ᠲᠦᠯᠥᠬᠡᠨᠡ ᠡᠬᠦᠰᠴᠤ ᠬᠦᠭᠵᠢᠬᠡᠳ ᠦᠨᠦᠳᠦᠷ ᠲᠤ ᠬᠦᠷᠦᠭᠰᠡᠨ︽ᠴᠤᠤᠷᠢᠶ᠎ᠠ︾ᠢᠷᠠᠭᠤ ᠨᠠᠶᠢᠷᠠᠭ ᠤᠨ ᠨᠠᠭᠠᠳᠤᠮ ᠬᠠᠨᠭᠭᠢᠨ ᠨᠤᠲᠤᠭ ᠤᠨ ᠬᠠᠯᠠᠭᠤᠨ ᠰᠢᠷᠤᠢ ᠳ᠋ᠤ ᠠᠷᠪᠠᠳᠠᠬᠢ ᠤᠳᠠᠭ᠎ᠠ ᠪᠠᠨ ᠤᠭᠲᠤᠵᠤ ᠪᠠᠶᠢᠨ᠎ᠠ᠃
︽ᠮᠤᠨᠭᠬᠠᠭ ᠤᠨ ᠴᠦᠯ ᠢ ᠮᠤᠷᠢ ᠪᠡᠷ ᠪᠢᠰᠢ ᠨᠤᠮ ᠵᠢᠡᠷ ᠲᠤᠭᠤᠯᠳᠠᠭ︾ᠬᠡᠬᠦ ᠨᠠᠶᠢᠷᠠᠭᠴᠢ ᠠ·ᠤᠳᠽᠠᠷ ᠤᠨ ᠦᠬᠡ ᠰᠢᠨ᠎ᠡ ᠦᠶ᠎ᠡ ᠵᠢᠨ ᠬᠡᠤᠬᠡᠳ ᠤᠳ ᠤᠨ ᠵᠢᠷᠦᠬᠡᠨ ᠳ᠋ᠤ ᠰᠡᠶᠢᠯᠥᠭᠳᠡᠭᠰᠡᠨ ᠪᠢᠵᠡ᠂ ᠮᠦᠨ︽ᠬᠦᠰᠡᠯᠲᠡᠢ ᠰᠠᠶᠢᠬᠠᠨ ᠤᠳᠬ᠎ᠠ ᠤᠶᠠᠨᠭᠭᠠ ᠬᠡᠮᠡᠭᠴᠢ ᠬᠦᠭᠡ ᠡᠬᠦᠯᠡ ᠰᠠᠯᠬᠢᠨ᠎ᠠ ᠬᠦᠷᠪᠡᠬᠦ ᠮᠡᠲᠤ ᠬᠦᠮᠦᠨ ᠤ ᠰᠡᠳᠬᠢᠯ ᠢ ᠬᠦᠳᠡᠯᠬᠡᠨ ᠡᠰᠡ ᠴᠢᠳᠠᠪᠠᠰᠤ ᠬᠦᠨᠭᠬᠡᠨ ᠪᠢᠷ ᠢ ᠬᠦᠰᠢᠵᠤ ᠶᠠᠭᠤᠨ ᠬᠢᠮᠤᠢ︾ᠬᠡᠬᠦ ᠪᠠᠳᠠᠭ ᠦᠨᠦᠳᠦᠷ ᠤᠨ ᠲᠠᠶᠢᠰᠠᠨ ᠳ᠋ᠤ ᠠᠮᠢᠯᠠᠨ ᠪᠦᠵᠢᠨ᠎ᠡ᠃ ᠡᠨᠡ ᠲᠠᠶᠢᠰᠠ ᠬᠠᠨᠭᠭᠢᠨ ᠬᠤᠰᠢᠭᠤᠨ ᠤ ᠮᠤᠨᠭᠭᠤᠯ ᠦᠨᠳᠦᠰᠦᠲᠡᠨ ᠤ ᠲᠤᠷᠰᠢᠯᠲᠠ ᠵᠢᠨ ᠪᠠᠭ᠎ᠠ ᠰᠤᠷᠭᠠᠭᠤᠯᠢ ᠵᠢᠨ ᠬᠦᠷᠢᠶᠡᠨ ᠳ᠋ᠤ ᠪᠠᠶᠢᠷᠢᠯᠠᠨ᠎ᠠ᠃ ᠲᠡᠨᠳᠡ ᠡᠴᠡ ᠲᠤᠭᠤᠯᠳᠠᠬᠤ ᠴᠢᠮᠡᠬᠡ ᠶ᠋ᠢ ᠠᠨᠢᠷᠳᠠᠨ ᠴᠢᠨᠭᠨᠠᠪᠠᠰᠤ᠄
ᠨᠢᠭᠤᠴᠠ ᠲᠤᠪᠴᠢᠶᠠᠨ ᠡᠴᠡ ᠦᠷᠬᠦᠯᠵᠢᠯᠡᠭᠰᠡᠨ
ᠨᠤᠲᠤᠭ ᠤᠨ ᠮᠢᠨᠢ ᠲᠤᠷᠭᠠᠨ ᠰᠠᠯᠬᠢ
ᠢᠰᠡᠬᠡᠢ ᠬᠡᠷ ᠤᠨ ᠡᠬᠦᠳᠡ ᠶ᠋ᠢ ᠰᠡᠬᠦᠵᠤ
ᠡᠷᠡᠨ ᠵᠠᠭᠤᠨ ᠢ ᠲᠤᠭᠤᠯᠤᠨ᠎ᠠ ᠁ ᠤᠶᠠᠨᠭᠭᠠ ᠨᠠᠶᠢᠷᠠᠭ ᠵᠢᠡᠷ ᠴᠠᠯᠬᠢᠯᠠᠭᠰᠠᠨ ᠡᠨᠡ ᠲᠢᠨᠭᠭᠢᠮ ᠳ᠋ᠤ ᠬᠠᠨᠭᠭᠢᠨ ᠬᠤᠰᠢᠭᠤᠨ ᠤ ᠮᠤᠨᠭᠭᠤᠯ ᠦᠨᠳᠦᠰᠦᠲᠡᠨ ᠤ ᠲᠤᠷᠰᠢᠯᠲᠠ ᠵᠢᠨ ᠪᠠᠭ᠎ᠠ ᠰᠤᠷᠭᠠᠭᠤᠯᠢ ᠵᠢᠴᠢ ᠬᠠᠨᠭᠭᠢᠨ ᠬᠤᠰᠢᠭᠤᠨ ᠤ ᠮᠤᠨᠭᠭᠤᠯ ᠦᠨᠳᠦᠰᠦᠲᠡᠨ ᠤ ᠲᠤᠮᠳᠠᠳᠤ ᠰᠤᠷᠭᠠᠭᠤᠯᠢ᠂ ᠪᠠᠯᠭᠤᠨ ᠪᠠᠯᠭᠠᠰᠤ ᠵᠢᠨ ᠪᠠᠭ᠎ᠠ ᠰᠤᠷᠭᠠᠭᠤᠯᠢ ᠡᠴᠡ ᠬᠦᠷᠦᠯᠴᠡᠨ ᠢᠷᠡᠭᠰᠡᠨ 65 ᠰᠤᠷᠤᠭᠴᠢ ᠨᠠᠶᠢᠷᠠᠭ ᠤᠶᠠᠨᠭᠭᠠᠯᠠᠨ᠂ ᠪᠠᠭ᠎ᠠ ᠰᠤᠷᠭᠠᠭᠤᠯᠢ ᠢᠢᠨ ᠲᠡᠬᠡᠲᠥ ᠤᠨ ᠤ ᠲᠤᠭᠤᠶᠢᠯᠠᠩ᠂ ᠪᠠᠭ᠎ᠠ ᠰᠤᠷᠭᠠᠭᠤᠯᠢ ᠢᠢᠨ ᠲᠤᠤᠷᠠᠲᠤ ᠤᠨ ᠤ ᠲᠤᠭᠤᠶᠢᠯᠠᠩ᠂ ᠲᠤᠮᠲᠠᠲᠤ ᠰᠤᠷᠭᠠᠭᠤᠯᠢ ᠢᠢᠨ ᠲᠤᠭᠤᠶᠢᠯᠠᠩ ᠭᠡᠬᠦ ᠭᠤᠷᠪᠠᠨ ᠲᠤᠭᠤᠶᠢᠯᠠᠩ ᠳ᠋ᠤ ᠬᠤᠪᠢᠶᠠᠭᠳᠠᠨ᠂ ᠲᠤᠭᠤᠶᠢᠯᠠᠩ ᠪᠥᠷᠢ ᠢᠢᠨ ᠲᠥᠷᠥᠬᠦᠤ ᠵᠢᠷᠭᠤᠭᠠᠨ ᠨᠡᠷᠡᠰ ᠢ ᠬᠥᠬᠢᠬᠦᠯᠥᠨ ᠱᠠᠩᠨᠠᠭᠰᠠᠨ ᠪᠠᠶᠢᠨ᠎ᠠ᠃
︽ᠲᠤᠮᠳᠠᠳᠤ ᠵᠢᠨ ᠦᠨᠳᠦᠰᠦᠲᠡᠨ ᠤ ᠬᠠᠮᠲᠤ ᠵᠢᠨ ᠴᠤᠭᠴᠠ ᠵᠢᠨ ᠦᠵᠡᠯ ᠤᠬᠠᠮᠰᠠᠷ ᠢ ᠪᠠᠲᠤ ᠴᠤᠭᠴᠠᠯᠠᠬᠤ︾ᠭᠤᠤᠯ ᠰᠡᠲᠦᠪ ᠤᠨ ᠲᠤᠭᠤᠷᠢᠨ ᠳ᠋ᠤ ᠦᠨᠳᠦᠰᠦᠲᠡᠨ ᠤ ᠤᠷᠤᠨ ᠤ ᠰᠤᠶᠤᠯ ᠤᠨ ᠪᠦᠲᠦᠬᠡᠨ ᠪᠠᠶᠢᠭᠤᠯᠤᠯᠲᠠ ᠶ᠋ᠢ ᠠᠬᠢᠭᠤᠯᠵᠤ᠂ ᠤᠷᠤᠨ ᠨᠤᠲᠤᠭ ᠤᠨ ᠰᠤᠶᠤᠯ ᠤᠨ ᠭᠤᠯᠤᠮᠲᠠ ᠳ᠋ᠤ ᠠᠰᠢᠳᠠ ᠵᠢᠨ ᠭᠠᠯ ᠲᠦᠷᠡᠯᠵᠡᠬᠦᠯᠥᠨ᠂ ᠢᠷᠡᠭᠡᠳᠦᠢ ᠳ᠋ᠡᠬᠡᠨ ᠢᠲᠡᠭᠡᠯ ᠲᠠᠢ᠂ ᠡᠬᠡ ᠤᠷᠤᠨ ᠳ᠋ᠠᠭᠠᠨ ᠬᠠᠶᠢᠷᠠᠲᠠᠢ᠂ ᠵᠤᠷᠢᠯᠭ᠎ᠠ ᠲᠡᠮᠡᠤᠯᠡᠯ ᠳ᠋ᠡᠬᠡᠨ ᠬᠦᠷᠬᠦ ᠵᠤᠷᠢᠭ ᠲᠠᠢ᠂ ᠵᠤᠯᠪᠤᠭ᠎ᠠ ᠲᠠᠢ ᠪᠠᠭᠠᠴᠤᠳ ᠢ ᠬᠦᠮᠦᠵᠢᠬᠦᠯᠵᠤ᠂ ᠡᠬᠡ ᠬᠡᠯᠡᠨ ᠤ ᠬᠦᠴᠦᠲᠤ ᠵᠢᠬᠦᠷ ᠲᠤ ᠬᠦᠭ ᠨᠡᠮᠡᠵᠤ᠂ ᠬᠡᠤᠬᠡᠳ ᠪᠠᠭᠠᠴᠤᠳ ᠤᠨ ᠡᠬᠡ ᠬᠡᠯᠡᠨ ᠤ ᠰᠠᠡᠭ ᠢ ᠪᠠᠶᠠᠯᠢᠭᠵᠢᠭᠤᠯᠬᠤ ᠡᠬᠦᠳᠡᠨ ᠡᠴᠡ ᠰᠠᠨᠠᠭᠠᠴᠢᠯᠠᠵᠤ ᠬᠢᠭᠰᠡᠨ ᠡᠨᠡ ᠠᠵᠢᠯᠯᠠᠭ᠎ᠠ ᠶ᠋ᠢ ᠠᠷᠪᠠᠨ ᠵᠢᠯ ᠤᠨ ᠲᠡᠷᠲᠡᠭᠡ ᠳ᠋ᠤ ᠪᠤᠶᠤ 2015 ᠤᠨ ᠳ᠋ᠤ ᠤᠷᠳᠤᠰ ᠬᠤᠲᠠ ᠵᠢᠨ ᠬᠠᠮ ᠵᠠᠭᠤᠴᠢᠯᠠᠭᠤᠷ ᠤᠨ ᠲᠦᠪ ᠤᠨ ᠪᠦᠲᠦᠬᠡᠯᠲᠤ ᠵᠢᠴᠢ ᠬᠠᠨᠭᠭᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠤᠨ ᠰᠡᠷᠬᠦᠯᠡᠡᠭ ᠬᠤᠶᠠᠭᠤᠯᠠ ᠰᠡᠲᠦᠨ ᠡᠷᠬᠢᠯᠡᠭᠰᠡᠨ ᠪᠢᠯᠡ᠃ ᠡᠨᠡ ᠠᠷᠪᠠᠭᠠᠳ ᠵᠢᠯ ᠤᠨ ᠲᠤᠷᠰᠢ ᠠᠷᠠᠳ ᠤᠨ ᠪᠠᠭᠰᠢ᠂ ᠠᠮᠠᠨ ᠨᠠᠶᠢᠷᠠᠭᠴᠢ ᠬᠡᠬᠦᠴᠢᠯᠡᠨ ᠡᠯ᠎ᠡ ᠠᠵᠢᠯ ᠲᠦᠷᠦᠯ ᠤᠨ ᠬᠦᠮᠦᠰ ᠢᠷᠠᠭᠤ ᠨᠠᠶᠢᠷᠠᠭ ᠢ ᠤᠷᠤᠢ ᠵᠢᠨ ᠲᠡᠭᠡᠳᠦ ᠰᠢᠲᠦᠬᠡᠨ ᠪᠤᠯᠭᠠᠵᠤ᠂ ᠠᠷᠢᠭᠤᠨ ᠬᠦᠳᠡᠯᠮᠦᠷᠢ ᠪᠠᠨ ᠵᠤᠷᠢᠭᠤᠯᠤᠨ ᠳᠡᠮᠵᠢᠵᠤ᠂ ᠠᠷᠠᠳ ᠤᠨ ᠮᠦᠨᠭᠭᠦ ᠪᠡᠷ ᠲᠤᠰᠠᠯᠠᠭᠰᠠᠭᠠᠷ ᠢᠷᠡᠭᠰᠡᠨ ᠪᠢᠯᠡ᠃ ᠲᠤᠰ ᠤᠲᠠᠭᠠᠨ ᠤ ᠰᠢᠯᠥᠭ ᠤᠨ ᠤᠷᠤᠯᠲᠤᠭᠠᠨ ᠢ ᠬᠠᠩᠬᠢᠨ ᠬᠤᠰᠢᠭᠤᠨ ᠤ︽ᠮᠠᠩᠨᠤᠭ︾ᠮᠤᠩᠭᠤᠯ ᠤᠶᠤᠲᠠᠯ ᠤᠨ ᠭᠠᠵᠠᠷ ᠤᠨ ᠤᠲᠤᠨᠬᠤᠸᠠᠷ᠂︽ᠽᠢ ᠢ ᠰᠢᠥᠸᠡᠨ︾ ᠵᠠᠷ ᠮᠡᠳᠡᠭᠡᠨ ᠤ ᠺᠤᠮᠫᠠᠨᠢ ᠢᠢᠨ ᠲᠠᠯᠠᠠᠳᠥ᠋ᠷᠪᠡ᠂ ᠬᠤᠷᠤᠭᠠᠨᠴᠠᠶᠢᠲᠠᠮ ᠭᠠᠴᠠᠭᠠᠨ ᠤ ᠬᠥᠷᠬᠦᠮᠰᠸᠡ᠂ ︽ᠷᠥᠢ ᠰᠢᠩ︾ ᠮᠠᠰᠢᠨ ᠲᠡᠷᠬᠡᠨ ᠤ ᠠᠷᠠᠯᠵᠢᠶᠠᠨ ᠤ ᠺᠤᠮᠫᠠᠨᠢ ᠢᠢᠨ ᠱᠤᠱᠠᠭ᠂ ᠬᠠᠨᠭᠭᠢᠨ ᠬᠤᠰᠢᠭᠤᠨ ᠤ ᠨᠢᠬᠡᠲᠥᠮᠡᠯ ᠹᠠᠷᠤᠨᠲ ᠤᠨ ᠬᠡᠯᠲᠡᠰ ᠤᠨ ᠵᠢᠩᠬᠤᠸᠠᠷ᠂ ᠪᠠᠯᠭᠤᠨ ᠪᠠᠯᠭᠠᠰᠤᠨ ᠳᠠᠬᠢ︽ᠲᠠᠯ᠎ᠠ ᠨᠤᠲᠤᠭ︾ ᠴᠠᠭᠠᠨ ᠢᠲᠡᠬᠡᠨ ᠤ ᠲᠡᠯᠬᠡᠬᠦᠷ ᠤᠨ ᠵᠢᠷᠭᠠᠯ᠂ ᠮᠤᠩᠭᠤᠯ ᠥᠨᠳᠥᠰᠥᠲᠡᠨ ᠤ ᠲᠤᠮᠲᠠᠲᠤ ᠰᠤᠷᠭᠠᠭᠤᠯᠢ ᠢᠢᠨ ᠡᠷᠲᠡᠮᠲᠥ᠂ ᠬᠠᠩᠬᠢᠨ ᠬᠤᠰᠢᠭᠤᠨ ᠤ ᠪᠠᠶᠢᠭᠠᠯᠢᠯᠢᠭ ᠬᠤᠲᠠᠯᠲᠤᠭᠠᠨ ᠤ ᠲᠡᠯᠬᠡᠬᠦᠷ ᠤᠨ ᠵᠢᠷᠠᠩᠭᠠ᠂ ᠰᠢᠶᠠ ᠰᠢᠶᠠ ᠥᠰᠥ ᠵᠠᠰᠠᠬᠤ ᠭᠠᠵᠠᠷ ᠤᠨ ᠤᠷᠠᠨᠲᠤᠶᠠᠭ᠎ᠠ᠂ ᠬᠠᠨᠭᠭᠢᠨ ᠬᠤᠰᠢᠭᠤᠨ ᠤ ᠮᠤᠩᠭᠤᠯ ᠥᠨᠳᠥᠰᠥᠲᠡᠨ ᠤ ᠲᠤᠷᠰᠢᠯᠲᠠ ᠢᠢᠨ ᠪᠠᠭ᠎ᠠ ᠰᠤᠷᠭᠠᠭᠤᠯᠢ ᠢᠢᠨ ᠰᠠᠷᠠᠨ᠎ᠠ᠂ ᠬᠠᠨᠭᠭᠢᠨ ᠬᠤᠰᠢᠭᠤᠨ ᠤ ᠮᠤᠩᠭᠤᠯ ᠥᠨᠳᠥᠰᠥᠲᠡᠨ ᠤ ᠲᠤᠷᠰᠢᠯᠲᠠ ᠢᠢᠨ ᠪᠠᠭ᠎ᠠ ᠰᠤᠷᠭᠠᠭᠤᠯᠢ ᠢᠢᠨ ᠰᠡᠩᠬᠡᠪᠠᠭᠠᠲᠤᠷ᠂ ᠬᠠᠨᠭᠭᠢᠨ ᠬᠤᠰᠢᠭᠤᠨ ᠤ ᠡᠬᠡ ᠨᠢᠯᠬᠠᠰ ᠤᠨ ᠡᠷᠡᠬᠦᠯᠵᠢᠯ ᠤᠨ ᠭᠠᠵᠠᠷ ᠤᠨ ᠪᠠᠶᠠᠮ᠎ᠠ ᠵᠡᠷᠬᠡ ᠬᠤᠪᠢ ᠬᠥᠮᠥᠨ ᠪᠤᠶᠤ ᠬᠤᠪᠢ ᠢᠢᠨ ᠠᠵᠤ ᠠᠬᠤᠶᠢᠯᠠᠯᠲᠠᠳ ᠠᠴᠠ ᠢᠪᠡᠬᠡᠨ ᠲᠡᠳᠬᠦᠵᠤ ᠶᠠᠪᠤᠭᠲᠠᠭᠤᠯᠤᠭᠰᠠᠨ ᠪᠠᠶᠢᠨ᠎ᠠ᠃
ᠰᠢᠯᠦᠭ ᠡᠴᠡ ᠰᠢᠯᠦᠭ ᠲᠦᠷᠦᠳᠡᠭ᠂ ᠰᠢᠯᠦᠭ ᠬᠡᠳᠡᠭ ᠠᠮᠢᠳᠤᠷᠠᠯ ᠠᠲᠠᠯ᠎ᠠ ᠠᠮᠢᠳᠤᠷᠠᠯ ᠲᠠᠨᠭᠴᠤ ᠰᠢᠯᠦᠭ ᠪᠢᠰᠢ ᠁ ᠠᠮᠢᠳᠤᠷᠠᠯ ᠰᠢᠯᠦᠭ ᠮᠡᠲᠤ ᠠᠮᠲᠠᠲᠠᠢ ᠪᠤᠯᠪᠠᠯ ᠬᠡᠵᠤ ᠬᠦᠮᠦᠰ ᠬᠦᠰᠡᠭᠰᠡᠨ ᠪᠠᠶᠢᠵᠤ ᠮᠡᠳᠡᠨ᠎ᠡ᠂ ᠡᠨᠡ ᠰᠡᠳᠬᠢᠴᠡ ᠡᠴᠡ ᠡᠬᠦᠰᠴᠤ ᠳᠡᠯᠡᠬᠡᠢ ᠳ᠋ᠠᠬᠢᠨ᠎ᠠ ᠢᠷᠠᠭᠤ ᠨᠠᠶᠢᠷᠠᠭ ᠤᠨ ᠡᠳᠦᠷ ᠢ ᠲᠤᠭᠲᠠᠭᠠᠭᠰᠠᠨ ᠪᠠᠶᠢᠵᠤ ᠪᠠᠰᠠ ᠮᠡᠳᠡᠨ᠎ᠡ᠃ ᠳᠡᠯᠡᠬᠡᠢ ᠵᠢᠨ ᠢᠷᠠᠭᠤ ᠨᠠᠶᠢᠷᠠᠭ ᠤᠨ ᠡᠳᠦᠷ ᠡᠨᠡ ᠵᠢᠯ ᠬᠤᠷᠢᠨ ᠵᠢᠷᠭᠤᠳᠠᠬᠢ ᠤᠳᠠᠭ᠎ᠠ ᠪᠡᠨ ᠤᠭᠲᠤᠨ ᠠᠪᠤᠯ᠎ᠠ᠃ ᠢᠷᠠᠭᠤ ᠨᠠᠶᠢᠷᠠᠭ ᠤᠨ ᠡᠳᠦᠷ ᠢ ᠲᠤᠬᠢᠶᠠᠯᠳᠤᠭᠤᠯᠤᠨ ᠶᠠᠪᠤᠭᠳᠠᠭᠤᠯᠤᠭᠰᠠᠨ︽ᠴᠤᠤᠷᠢᠶ᠎ᠠ︾ᠮᠠᠨᠢ ᠬᠡᠤᠬᠡᠳ ᠪᠠᠭᠠᠴᠤᠳ ᠡᠴᠡ ᠬᠦᠮᠦᠨ ᠵᠤᠨ ᠤ ᠮᠢᠨᠢ ᠰᠡᠳᠬᠢᠯ ᠤᠨ ᠬᠡᠬᠡᠨ ᠮᠡᠯᠮᠡᠢ ᠳ᠋ᠤ ᠬᠦᠷᠬᠦ ᠪᠤᠯᠲᠤᠭᠠᠢ᠃
ᠢᠷᠠᠭᠤ ᠨᠠᠶᠢᠷᠠᠭ ᠠᠮᠲᠠᠷᠬᠠᠨ ᠶᠡᠭᠡ ᠰᠡᠳᠬᠢᠯ ᠤᠨ ᠤᠨᠭᠭᠤᠳ ᠵᠢᠡᠷ ᠬᠦᠭᠯᠡᠷᠡᠬᠦ ᠵᠢᠨ ᠰᠠᠶᠢᠬᠠᠨ ᠬᠡᠭᠴᠢ ᠁