ᠦᠯᠵᠡᠢ ᠪᠡᠯᠭᠡᠳᠦ ᠴᠠᠭᠠᠨ ᠰᠠᠷ᠎ᠠ

 ᠄ 2026-02-24 09:53:47

ᠨᠠᠶᠢᠷᠠᠭᠤᠯᠤᠬᠴᠢ ᠵᠢᠨ ᠦᠬᠡ᠄

ᠠᠮᠵᠢᠯᠳᠠ ᠪᠦᠲᠦᠮᠵᠢ ᠪᠠᠷ ᠱᠠᠡᠭᠨᠠᠭᠤᠯᠵᠤ᠂ ᠠᠬᠢᠯᠳᠠ ᠲᠠᠪᠰᠢᠯᠳᠠ ᠪᠠᠷ ᠮᠢᠯᠢᠶᠠᠯᠭᠠᠬᠰᠠᠭᠠᠷ ᠬᠠᠭᠤᠴᠢᠨ ᠵᠢᠯ ᠵᠢᠡᠨ ᠦᠳᠡᠵᠤ᠂ ᠠᠶᠠᠨ ᠤ ᠲᠦᠷᠦᠭᠡ ᠪᠠᠨ ᠴᠢᠡᠭᠭᠠᠯᠠᠵᠤ᠂ ᠠᠯᠤᠰ ᠢᠷᠡᠭᠡᠳᠦᠢ ᠵᠢ ᠲᠠᠯᠠᠯᠠᠤᠬᠰᠠᠨ ᠴᠠᠭᠠᠨ ᠰᠠᠷ᠎ᠠ ᠪᠠᠨ ᠤᠬᠳᠤᠯ᠎ᠠ᠃ ᠴᠠᠭᠠᠨ ᠰᠠᠷ᠎ᠠ ᠪᠤᠯ ᠬᠦᠮᠦᠰ ᠤᠨ ᠬᠠᠮᠤᠭ ᠡᠴᠡ ᠬᠦᠰᠡᠨ ᠬᠦᠯᠢᠶᠡᠳᠡᠭ ᠪᠠᠶᠠᠷᠳᠤ ᠮᠦᠴᠡ ᠮᠦᠨ᠃ ᠬᠦᠮᠦᠰ ᠬᠡᠷ ᠬᠤᠳᠠᠯᠠᠭᠠᠷ ᠵᠢᠡᠨ ᠬᠤᠷᠠᠨ ᠴᠤᠬᠯᠠᠷᠠᠵᠤ᠂ ᠲᠦᠷᠦᠯ ᠰᠠᠳᠤᠨ ᠵᠢᠡᠨ ᠡᠷᠬᠢᠨ ᠦᠵᠡᠬᠦ᠂ ᠭᠠᠳᠠᠬᠰᠢ ᠭᠠᠷᠴᠤ ᠵᠤᠭᠠᠴᠠᠨ ᠲᠤᠭᠤᠷᠢᠬᠤ᠂ ᠠᠮᠳᠠᠳᠤ ᠢᠳᠡᠬᠡᠨ ᠢ ᠠᠮᠳᠠᠯᠠᠵᠤ᠂ ᠪᠠᠶᠠᠷ ᠬᠦᠷ ᠵᠤᠯ ᠵᠢᠷᠭᠠᠯ ᠲᠠᠢ ᠪᠠᠷ ᠴᠠᠭᠠᠨ ᠰᠠᠷ᠎ᠠ ᠵᠢᠨ ᠬᠠᠪᠤ ᠴᠡᠡᠭᠭᠡᠯ ᠢ ᠡᠳ᠋ᠯᠡᠳᠡᠭ᠃ ᠡᠨᠡ ᠬᠤᠭᠤᠴᠠᠭᠠᠨ ᠳ᠋ᠤ ᠤᠷᠳᠤᠰ ᠬᠤᠳᠠ ᠮᠥᠰᠥ ᠴᠠᠰᠤᠨ  ᠤ ᠨᠠᠭᠠᠳᠤᠮ᠂ ᠤᠷᠠᠨ ᠰᠠᠶᠢᠬᠠᠨ ᠦᠳᠡᠰᠢᠯᠡᠬᠡ᠂ ᠦᠡᠭᠭᠡᠳᠦ ᠳ᠋ᠧᠩ  ᠤᠨ ᠦᠵᠡᠬᠦᠯᠬᠡ ᠵᠡᠷᠭᠡ ᠬᠡᠯᠪᠡᠷᠢ ᠶᠠᠩᠵᠦ ᠤᠯᠠᠨ᠂ ᠤᠳᠬ᠎ᠠ ᠠᠭᠤᠯᠭ᠎ᠠ ᠬᠦᠨ ᠪᠠᠶᠠᠷᠳᠤ ᠠᠵᠢᠯᠯᠠᠭ᠎ᠠ ᠦᠷᠨᠢᠬᠦᠯᠵᠤ᠂ ᠴᠠᠭᠠᠨ ᠰᠠᠷ᠎ᠠ ᠵᠢᠨ ᠰᠤᠶᠤᠯ  ᠢ ᠤᠯᠠᠮ ᠪᠠᠶᠠᠯᠢᠭᠵᠢᠭᠤᠯᠵᠤ ᠪᠠᠶᠢᠨ᠎ᠠ᠃ ᠲᠡᠷᠡᠴᠢᠯᠡᠨ ᠴᠠᠭᠠᠨ ᠰᠠᠷ᠎ᠠ ᠰᠢᠨ᠎ᠡ ᠬᠤᠪᠴᠠᠰᠤ ᠲᠡᠯᠭᠡᠭᠦᠷ ᠲᠦᠭᠦᠷᠡᠡᠭ᠂ ᠰᠢᠬᠢᠷ ᠵᠢᠮᠢᠰ ᠰᠢᠷᠡᠭᠡ ᠲᠦᠭᠦᠷᠡᠡᠭ ᠲᠡᠯᠭᠡᠨ ᠪᠤᠷᠤᠯᠠᠭᠤᠯᠵᠤ᠂ ᠰᠤᠯᠤᠡᠭᠭᠠᠨ ᠳ᠋ᠸᠡᠭ ᠵᠡᠬᠡᠯᠢ ᠭᠤᠶᠤᠯᠠᠨ ᠬᠡᠷᠡᠯᠳᠤᠵᠤ᠂ ᠰᠠᠷᠠᠭᠤᠯ ᠢᠷᠡᠭᠡᠳᠦᠢ ᠵᠢ ᠪᠡᠯᠭᠡᠳᠡᠭᠰᠡᠨ ᠬᠤᠤᠰ ᠤᠶᠠᠡᠭᠭ᠎ᠠ ᠠᠶᠢᠯ ᠤᠨ ᠡᠭᠦᠳᠡ ᠴᠤᠡᠭᠬᠤ ᠵᠢ ᠴᠢᠮᠡᠵᠤ᠂ ᠬᠦᠮᠦᠰ ᠤᠨ ᠴᠢᠷᠠᠢ ᠳ᠋ᠤ ᠮᠦᠰᠢᠶᠡᠳᠦ ᠲᠦᠭᠦᠷᠡᠡᠭ᠂ ᠬᠡᠤᠬᠡᠳ ᠤᠨ ᠲᠠᠭᠤᠨ ᠳ᠋ᠤ ᠪᠠᠶᠠᠰᠤᠯ ᠪᠢᠯᠬᠠᠨ᠂ ᠰᠠᠷ᠎ᠠ ᠰᠢᠨ᠎ᠡ ᠵᠢᠨ ᠪᠠᠶᠠᠷ ᠪᠠᠶᠠᠰᠬᠤᠯᠠᠡᠭᠳᠤ ᠠᠭᠤᠷ ᠠᠮᠢᠰᠬᠤᠯ ᠪᠢᠯᠬᠠᠮ᠎ᠠ ᠴᠠᠯᠬᠢᠮ᠎ᠠ ᠁

ᠰᠡᠳᠬᠢᠯ ᠢ ᠪᠠᠶᠠᠰᠬᠠᠬᠰᠠᠨ ᠴᠠᠭᠠᠨ ᠰᠠᠷ᠎ᠠ ᠵᠢᠨ ᠪᠠᠷᠠᠭ᠎ᠠ

ᠰᠠᠶᠢᠨ ᠤ ᠢᠷᠤᠭᠡᠯ ᠲᠠᠢ ᠰᠠᠷ᠎ᠠ ᠰᠢᠨ᠎ᠠ ᠵᠢᠨ ᠬᠤᠭᠤᠴᠠᠭᠠᠨ ᠳ᠋ᠤ ᠬᠤᠳᠠᠯᠳᠤᠭᠠᠨ ᠤ ᠲᠡᠯᠭᠡᠬᠦᠷ ᠤᠳ ᠡᠯᠪᠡᠭ ᠪᠠᠷᠠᠭ᠎ᠠ ᠪᠠᠨ ᠢᠳᠡᠪᠬᠢᠳᠠᠢ ᠲᠤᠬᠢᠷᠠᠭᠤᠯᠵᠤ᠂ ᠪᠠᠶᠠᠷ ᠤᠨ ᠡᠳᠤᠷ ᠤᠨ ᠵᠠᠬ᠎ᠠ ᠲᠡᠯᠭᠡᠬᠦᠷ ᠤᠨ ᠬᠠᠡᠭᠭᠠᠯᠭ᠎ᠠ ᠵᠢ ᠪᠦᠬᠦ ᠬᠦᠴᠤᠨ ᠵᠢᠡᠷ ᠵᠢᠡᠨ ᠪᠠᠳᠤᠯᠠᠵᠤ ᠪᠠᠶᠢᠯ᠎ᠠ᠃ ᠬᠤᠳᠠ ᠬᠦᠳᠡᠭᠡ᠂ ᠠᠶᠢᠯ ᠡᠷᠦᠭᠡ ᠪᠦᠬᠦᠨ ᠪᠠᠶᠠᠷ ᠵᠢᠷᠭᠠᠯ ᠵᠢᠡᠷ ᠪᠢᠯᠬᠠᠨ᠂ ᠬᠦᠮᠦᠰ ᠵᠡᠬᠡᠯᠢ ᠵᠠᠬ᠎ᠠ᠂ ᠢᠳᠡᠰᠢᠨ ᠨᠤᠭᠤᠭ᠎ᠠ ᠵᠢᠨ ᠵᠠᠬ᠎ᠠ ᠲᠡᠯᠭᠡᠭᠦᠷ ᠵᠢᠡᠷ ᠲᠤᠭᠤᠷᠢᠨ ᠦᠵᠡᠵᠤ᠂ ᠦᠪᠡᠷ  ᠤᠨ ᠬᠦᠰᠡᠵᠤ ᠬᠦᠯᠢᠶᠡᠭᠰᠡᠨ ᠡᠳ᠋ ᠪᠠᠷᠠᠭ᠎ᠠ ᠪᠡᠨ ᠠᠪᠬᠤ ᠪᠡᠷ ᠰᠡᠳᠬᠢᠯ ᠬᠦᠭᠰᠡᠵᠤ᠂ ᠦᠨᠭᠬᠡ ᠢᠯᠭᠠᠷᠠᠮ᠎ᠠ ᠪᠠᠷᠠᠭ᠎ᠠ ᠲᠤᠮᠳᠠ ᠡᠴᠡ ᠨᠠᠷᠢᠯᠢᠭ ᠰᠤᠨᠭᠭᠤᠵᠤ ᠦᠨ᠎ᠡ ᠬᠠᠶᠠᠯᠴᠡᠨ ᠪᠠᠶᠢᠯ᠎ᠠ᠃ ᠬᠦᠮᠦᠨ  ᠤ ᠤᠷᠤᠰᠬᠠᠯ ᠲᠤᠮᠳᠠ ᠡᠴᠡ ᠵᠠᠷᠢᠮ ᠨᠢ ︽ᠶᠠᠮᠠᠷ ᠰᠠᠶᠢᠬᠠᠨ ᠪᠤᠢ᠂ ᠡᠨᠡ ᠭᠤᠶᠤ ᠡᠳ᠋᠂ ᠰᠠᠶᠢᠨ ᠪᠠᠷᠠᠭ᠎ᠠ︾ ᠬᠡᠬᠦᠴᠢᠯᠡᠨ ᠤᠯᠠᠨ ᠵᠦᠢᠯ  ᠤᠨ ᠪᠠᠷᠠᠭᠠᠨ ᠲᠤᠮᠳᠠ ᠡᠴᠡ ᠠᠯᠢ  ᠢᠢ ᠨᠢ ᠠᠪᠬᠤ ᠪᠡᠨ ᠤᠯᠵᠤ ᠶᠠᠳᠠᠨ ᠨᠢᠳᠤ ᠬᠠᠶᠠᠨ ᠡᠷᠬᠢᠴᠡᠵᠡᠭᠡᠨ᠎ᠡ᠃

︽ᠵᠡᠭᠦᠨᠭᠠᠷ ᠬᠤᠰᠢᠭᠤᠨ ᠤ ᠨᠤᠸᠠᠨ ᠱᠦᠢ ᠰᠢᠶᠠᠡᠭ ᠤᠨ ᠵᠢᠮᠢᠰ ᠤᠨ ᠰᠢᠭᠦᠰᠦ ᠵᠢ ᠲᠦᠷᠪᠡᠨ ᠬᠠᠶᠢᠷᠴᠠᠭ ᠬᠤᠳᠠᠯᠳᠤᠨ ᠠᠪᠬᠤ ᠳ᠋ᠤ ᠴᠠᠭᠠᠨ ᠰᠠᠷ᠎ᠠ ᠵᠢᠨ ᠪᠠᠷᠠᠭᠠᠨ ᠤ ᠬᠠᠷᠠᠭᠠᠯᠵᠠᠯ ᠤᠨ ᠲᠡᠮᠲᠡᠭᠳᠤ ᠵᠢ ᠬᠡᠷᠡᠭᠯᠡᠬᠡᠳ 80 ᠲᠦᠭᠦᠷᠢᠭ ᠠᠷᠪᠢᠯᠠᠯ᠎ᠠ᠃ ᠶᠡᠷᠦᠨᠢ ᠴᠠᠭᠠᠨ ᠰᠠᠷ᠎ᠠ ᠵᠢᠨ ᠬᠤᠭᠤᠴᠠᠭᠠᠨ ᠳ᠋ᠤ ᠬᠢᠮᠳᠠᠷᠠᠯ ᠲᠠᠢ ᠪᠤᠷᠤᠯᠠᠭᠤᠯᠬᠤ᠂ ᠬᠠᠷᠠᠭᠠᠯᠵᠠᠯ ᠤᠨ ᠲᠡᠮᠲᠡᠭᠳᠤ ᠲᠠᠷᠬᠠᠭᠠᠬᠤ᠂ ᠰᠢᠪᠠᠭ᠎ᠠ ᠰᠤᠭᠤᠯᠵᠤ ᠪᠡᠯᠡᠭ ᠬᠦᠷᠬᠡᠬᠦ ᠵᠡᠷᠭᠡ ᠤᠯᠠᠨ ᠵᠤᠶᠢᠯ ᠤᠨ ᠠᠷᠭ᠎ᠠ ᠬᠡᠯᠪᠡᠷᠢ ᠪᠠᠷ ᠬᠡᠷᠡᠭᠯᠡᠭᠴᠢᠳ ᠤᠨ ᠰᠢᠨ᠎ᠡ ᠵᠢᠨ ᠪᠠᠷᠠᠭ᠎ᠠ ᠬᠤᠳᠠᠯᠳᠤᠨ ᠠᠪᠬᠤ ᠢᠳᠡᠪᠬᠢᠵᠢᠯ ᠢ ᠬᠦᠭᠵᠢᠭᠡᠵᠤ ᠪᠠᠶᠢᠨ᠎ᠠ︾ᠬᠡᠵᠤ ᠤᠷᠳᠤᠰ ᠬᠤᠳᠠ ᠵᠢᠨ ᠰᠢᠨ᠎ᠡ ᠵᠢᠨ ᠪᠠᠷᠠᠭ᠎ᠠ ᠵᠢᠨ ᠨᠠᠶᠢᠷ ᠤᠨ ᠠᠬᠤᠢ ᠲᠠᠯᠠᠪᠠᠢ ᠳ᠋ᠤ ᠢᠷᠡᠭᠰᠡᠨ ᠠᠰᠢᠳᠠ ᠶᠠᠷᠢᠨ᠎ᠠ᠃

ᠭᠠᠵᠠᠷ ᠰᠠᠢ ᠦᠬᠡᠢ ᠴᠠᠭᠠᠨ ᠰᠠᠷ᠎ᠠ ᠵᠢᠨ ᠦᠡᠭᠭᠡ ᠪᠤᠳᠤᠭ ᠵᠢᠡᠷ ᠪᠤᠳᠤᠬᠯᠠᠬᠳᠠᠬᠰᠠᠨ ᠡᠨᠡ ᠬᠤᠭᠤᠴᠠᠭᠠᠨ ᠳ᠋ᠤ ᠮᠠᠨ ᠤ ᠬᠤᠳᠠ ᠵᠢᠨ ᠬᠢᠨ ᠪᠠᠰᠠ ᠰᠢᠭᠤᠳ ᠨᠡᠪᠲᠡᠷᠡᠭᠦᠯᠬᠡ ᠬᠢᠵᠤ ᠰᠦᠯᠵᠢᠶᠡᠨ ᠲᠡᠭᠡᠷ᠎ᠡ ᠭᠠᠵᠠᠷ ᠤᠷᠤᠨ ᠤ ᠤᠨᠴᠠᠯᠢᠬᠳᠤ ᠰᠢᠨ᠎ᠡ ᠵᠢᠨ ᠪᠠᠷᠠᠭ᠎ᠠ ᠲᠠᠸᠠᠷ ᠪᠠ ᠴᠢᠨᠠᠷ ᠰᠠᠶᠢᠳᠠᠢ ᠮᠠᠯ ᠤᠨ ᠠᠰᠢᠭ ᠰᠢᠮ᠎ᠡ ᠲᠠᠷᠢᠶᠠᠯᠠᠡᠭ ᠤᠨ ᠪᠦᠲᠦᠭᠡᠭᠳᠡᠭᠦᠨ ᠵᠢᠡᠨ ᠪᠦᠬᠦ ᠤᠯᠤᠰ ᠲᠸ᠋ ᠪᠤᠷᠤᠯᠠᠭᠤᠯᠵᠤ ᠪᠠᠶᠢᠨ᠎ᠠ᠃ ᠲᠡᠷᠡᠴᠢᠯᠡᠨ ᠪᠤᠳᠠᠰ ᠤᠨ ᠪᠤᠰᠤ ᠰᠤᠶᠤᠯ ᠤᠨ ᠦᠪ ᠢ ᠬᠦᠮᠦᠰ ᠤᠨ ᠠᠮᠢᠳᠤᠷᠠᠯ ᠳ᠋ᠤ ᠦᠢᠷᠠᠳᠤᠭᠤᠯᠵᠤ᠂ ᠤᠯᠠᠮᠵᠢᠯᠠᠯᠳᠤ ᠴᠠᠭᠠᠨ ᠰᠠᠷ᠎ᠠ ᠵᠢᠨ ᠰᠤᠶᠤᠯ ᠤᠨ ᠠᠭᠤᠷ ᠠᠮᠢᠰᠬᠤᠯ ᠢ ᠦᠳᠬᠡᠷᠡᠭᠦᠯᠭᠦ ᠵᠢᠨ ᠵᠤᠷᠢᠯᠭ᠎ᠠ ᠪᠠᠷ ᠪᠤᠳᠠᠰ ᠤᠨ ᠪᠤᠰᠤ ᠰᠤᠶᠤᠯ ᠤᠨ ᠦᠪ ᠵᠢᠡᠷ ᠭᠤᠤᠯ ᠰᠡᠳᠤᠪ ᠪᠤᠯᠭᠠᠬᠰᠠᠨ ᠴᠠᠭᠠᠨ ᠰᠠᠷ᠎ᠠ ᠵᠢᠨ ᠵᠠᠡᠭ ᠦᠢᠯᠡ ᠵᠢᠨ ᠰᠤᠶᠤᠯ ᠤᠨ ᠰᠢᠷᠢᠰ ᠠᠵᠢᠯᠯᠠᠭ᠎ᠠ ᠵᠢ ᠦᠷᠨᠢᠭᠦᠯᠵᠤ᠂ ᠪᠤᠳᠠᠰ ᠤᠨ ᠪᠤᠰᠤ ᠰᠤᠶᠤᠯ ᠤᠨ ᠦᠪ ᠤᠨ ᠴᠠᠭᠠᠨ ᠰᠠᠷ᠎ᠠ ᠵᠢᠨ ᠪᠠᠷᠠᠭᠠᠨ ᠤ ᠲᠡᠯᠬᠡᠨ ᠪᠤᠷᠤᠯᠠᠭᠤᠯᠭ᠎ᠠ ᠨᠢ ᠴᠠᠭᠠᠨ ᠰᠠᠷ᠎ᠠ ᠵᠢᠨ ᠨᠢᠬᠡᠨ ᠬᠢᠯᠠᠰ ᠴᠡᠭ ᠪᠤᠯᠤᠬᠰᠠᠨ ᠪᠠᠶᠢᠨ᠎ᠠ᠃ ᠠᠷᠪᠠᠳᠤᠭᠠᠷ ᠬᠤᠭᠤᠴᠠᠭᠠᠨ ᠤ ᠴᠠᠭᠠᠨ ᠰᠠᠷ᠎ᠠ ᠵᠢᠨ ᠵᠠᠡᠭ ᠦᠢᠯᠡ ᠵᠢᠨ ᠰᠤᠶᠤᠯ ᠤᠨ ᠰᠢᠷᠢᠰ ᠠᠵᠢᠯᠯᠠᠭ᠎ᠠ ᠨᠢ ᠪᠤᠳᠠᠰ ᠤᠨ ᠪᠤᠰᠤ ᠰᠤᠶᠤᠯ ᠤᠨ ᠦᠪ ᠤᠨ ᠭᠤᠸ᠎ᠠ ᠰᠠᠶᠢᠬᠠᠨ ᠢ ᠮᠡᠳᠡᠷᠡᠵᠤ᠂ ᠰᠢᠨ᠎ᠡ ᠵᠢᠯ ᠤᠨ ᠶᠤᠰᠤ ᠵᠠᠡᠭᠰᠢᠯ ᠵᠢᠡᠨ ᠤᠯᠠᠮᠵᠢᠯᠠᠨ ᠵᠠᠯᠭᠠᠮᠵᠢᠯᠠᠬᠤ ᠵᠢ ᠴᠢᠬᠤᠯᠠᠴᠢᠯᠠᠨ᠂ ᠪᠤᠳᠠᠰ ᠤᠨ ᠪᠤᠰᠤ ᠰᠤᠶᠤᠯ ᠤᠨ ᠦᠪ ᠤᠨ ᠰᠢᠨ᠎ᠡ ᠪᠠᠷᠠᠭᠠᠨ ᠤ ᠦᠵᠡᠭᠦᠯᠭᠡ ᠬᠢᠬᠦ᠂ ᠪᠤᠳᠠᠰ ᠤᠨ ᠪᠤᠰᠤ ᠰᠤᠶᠤᠯ ᠤᠨ ᠦᠪ ᠤᠨ ᠰᠤᠶᠤᠯ ᠤᠷᠠᠯᠢᠭ ᠤᠨ ᠲᠤᠬᠯᠠᠯᠳᠠ ᠭᠠᠷᠭᠠᠬᠤ᠂ ᠭᠠᠷ ᠤᠷᠠᠯᠠᠯ ᠤᠨ ᠪᠦᠲᠦᠭᠡᠭᠳᠡᠭᠦᠨ ᠬᠢᠬᠦ ᠵᠡᠷᠭᠡ ᠠᠭᠤᠯᠭ᠎ᠠ ᠵᠢ ᠬᠠᠮᠤᠷᠴᠤ᠂ ᠪᠤᠳᠠᠰ ᠤᠨ ᠪᠤᠰᠤ ᠰᠤᠶᠤᠯ ᠤᠨ ᠦᠪ ᠤᠨ ᠲᠦᠯᠦᠬᠡᠯᠡᠬᠦ ᠴᠢᠨᠠᠷᠳᠠᠢ ᠲᠦᠷᠦᠯ ᠵᠤᠶᠢᠯ ᠤᠨ ᠦᠪᠯᠡᠨ ᠤᠯᠠᠮᠵᠢᠯᠠᠬᠴᠢᠳ ᠡᠴᠡ ᠦᠪᠡᠷ ᠦᠪᠡᠷ ᠤᠨ ᠲᠠᠪᠠᠭᠤᠯᠢᠭ ᠵᠢᠡᠨ ᠪᠠᠳᠠᠷᠠᠭᠤᠯᠤᠨ᠂ ᠴᠠᠭᠠᠨ ᠰᠠᠷ᠎ᠠ ᠵᠢᠨ ᠰᠤᠶᠤᠯ ᠤᠨ ᠠᠭᠤᠷ ᠠᠮᠢᠰᠬᠤᠯ ᠢ ᠢᠳᠡ ᠲᠠᠢ ᠦᠳᠬᠡᠷᠡᠭᠦᠯᠪᠡ᠃

ᠬᠠᠷᠠᠭ᠎ᠠ ᠲᠡᠯᠡᠭᠰᠡᠨ ᠦᠡᠭᠭᠡᠳᠦ ᠳ᠋ᠸᠡᠭ ᠤᠨ ᠦᠵᠡᠭᠦᠯᠭᠡ

ᠰᠤᠯᠤᠩᠭᠠᠨ ᠳ᠋ᠸᠩ᠂ ᠬᠤᠸᠠᠷ ᠫᠤᠤᠵᠠᠩ᠂ ᠬᠦᠭᠵᠢᠶᠡᠨ ᠨᠠᠷᠬᠢᠶᠠᠨ ᠲᠤᠮᠳᠠ ᠲᠠᠶᠠᠭᠠᠷ ᠪᠦᠬᠦᠨ ᠴᠠᠭᠠᠨ ᠰᠠᠷ᠎ᠠ ᠵᠢᠨ ᠪᠠᠶᠠᠷᠳᠤ ᠮᠦᠴᠡ ᠪᠠᠨ ᠦᠡᠭᠭᠡᠷᠡᠭᠦᠯᠵᠡᠬᠡᠨ᠎ᠡ᠃ ᠡᠨᠡ ᠰᠠᠶᠢᠬᠠᠨ ᠮᠦᠴᠡ ᠳ᠋ᠤ ᠮᠠᠨ ᠤ ᠬᠤᠲᠠ ᠵᠢᠨ ᠬᠢᠨ ᠰᠤᠶᠤᠯ ᠵᠤᠭᠠᠴᠠᠯ ᠤᠨ ᠰᠢᠷᠢᠰ ᠠᠵᠢᠯᠯᠠᠭ᠎ᠠ ᠵᠢ ᠦᠷᠨᠢᠭᠦᠯᠦᠨ᠂ ᠵᠤᠭᠠᠴᠠᠯ ᠤᠨ ᠰᠤᠳᠤᠨ ᠵᠠᠮ ᠱᠤᠭᠤᠮ ᠢ ᠨᠡᠶᠢᠳᠡᠯᠡᠵᠤ᠂ ᠵᠤᠭᠠᠴᠠᠬᠰᠠᠳ ᠲᠸ᠋ ᠮᠦᠰᠦ ᠴᠠᠰᠤ᠂ ᠰᠤᠶᠤᠯ ᠤᠷᠠᠯᠢᠭ᠂ ᠠᠮᠳᠠᠳᠤ ᠢᠳᠡᠭᠡᠨ᠂ ᠪᠠᠶᠠᠷ ᠲᠤᠷᠠᠰᠬᠠᠯ ᠤᠨ ᠬᠠᠪᠤ ᠴᠡᠡᠭᠭᠡᠯ ᠢ ᠬᠠᠨᠤᠳᠠᠯ᠎ᠠ ᠡᠳ᠋ᠯᠡᠭᠦᠯᠭᠦ ᠵᠢᠨ ᠤᠯᠠᠮ ᠡᠴᠡ ᠡᠯ᠎ᠡ ᠬᠤᠰᠢᠭᠤ ᠲᠤᠭᠤᠷᠢᠭ ᠤᠨ ᠬᠢᠨ ᠤ ᠵᠡᠬᠡᠯᠢ ᠭᠤᠳᠤᠮᠵᠢ ᠳ᠋ᠤ ᠰᠤᠯᠤᠡᠭᠭᠠᠨ ᠳ᠋ᠸᠠᠡᠭ ᠲᠤᠸᠠᠯᠠᠨ ᠬᠡᠷᠡᠯᠳᠦᠭᠦᠯᠵᠤ᠂ ᠪᠠᠶᠠᠷ ᠤᠨ ᠡᠳᠦᠷ ᠤᠨ ᠠᠭᠤᠷ ᠠᠮᠢᠰᠬᠤᠯ ᠢ ᠨᠡᠩ ᠬᠦᠷ ᠬᠦᠭᠵᠢᠶᠡᠨ ᠲᠠᠢ᠂ ᠠᠮᠤᠭᠤᠯᠠᠩ ᠳᠠᠪᠠᠳᠠᠢ ᠪᠤᠯᠭᠠᠪᠠ᠃ ᠭᠤᠷᠪᠠᠳᠤᠭᠠᠷ ᠰᠠᠷ᠎ᠠ ᠪᠤᠯᠳᠠᠯ᠎ᠠ ᠦᠷᠭᠦᠯᠵᠢᠯᠡᠬᠦ ᠠᠡᠭᠬᠠᠳᠤᠭᠠᠷ ᠤᠳᠠᠭ᠎ᠠ ᠦᠷᠨᠢᠭᠦᠯᠦᠭᠰᠡᠨ ᠡᠵᠡᠨ ᠬᠤᠷᠤᠭ᠎ᠠ ᠬᠤᠰᠢᠭᠤᠨ ᠤ ᠦᠡᠭᠭᠡᠳᠦ ᠳ᠋ᠸᠡᠭ ᠤᠨ ᠦᠵᠡᠭᠦᠯᠭᠡ ᠨᠢ ᠬᠠᠮᠤᠭ ᠤᠯᠠᠨ ᠤ ᠠᠡᠭᠬᠠᠷᠤᠯ ᠢ ᠲᠠᠲᠠᠬᠰᠠᠨ ᠬᠢᠯᠠᠰ ᠴᠡᠭ ᠪᠤᠯᠤᠯ᠎ᠠ᠃ ᠮᠠᠰᠢᠨ ᠬᠦᠮᠦᠨ ᠤ ᠲᠤᠬᠯᠠᠯᠳᠠ᠂ ᠬᠤᠪᠴᠠᠰᠤ ᠵᠠᠰᠠᠯ ᠤᠨ ᠦᠵᠡᠭᠦᠯᠭᠡ᠂ AI ᠵᠢ ᠠᠰᠢᠬᠯᠠᠨ ᠬᠤᠤᠰ ᠤᠶᠠᠡᠭᠭ᠎ᠠ ᠪᠢᠴᠢᠬᠦ ᠪᠠ ᠰᠢᠨ᠎ᠡ ᠵᠢᠯ ᠤᠨ ᠪᠠᠶᠠᠷ ᠤᠨ ᠺᠠᠷᠲ ᠬᠢᠬᠦ᠂ ᠠᠮᠳᠠᠳᠤ ᠢᠳᠡᠭᠡᠨ ᠠᠮᠳᠠᠯᠠᠬᠤ᠂ ᠴᠠᠭᠠᠨ ᠰᠠᠷ᠎ᠠ ᠵᠢᠨ ᠪᠠᠷᠠᠭᠠᠨ ᠤ ᠲᠡᠯᠬᠡᠨ ᠪᠤᠷᠤᠯᠠᠭᠤᠯᠭ᠎ᠠ ᠵᠡᠷᠭᠡ 60 ᠭᠠᠷᠤᠢ ᠲᠦᠷᠦᠯ ᠵᠤᠶᠢᠯ ᠤᠨ ᠠᠵᠢᠯᠯᠠᠭ᠎ᠠ ᠵᠢ ᠶᠠᠪᠤᠬᠳᠠᠭᠤᠯᠵᠤ᠂ ᠦᠡᠭᠭᠡᠳᠦ ᠳ᠋ᠸᠡᠭ ᠤᠨ ᠦᠵᠡᠭᠦᠯᠭᠡ ᠵᠢ ᠤᠷᠢᠳᠤ ᠡᠮᠦᠨ᠎ᠡ ᠪᠠᠶᠢᠭ᠎ᠠ ᠦᠭᠡᠢ ᠭᠤᠶᠢᠳᠠ ᠰᠠᠶᠢᠬᠠᠨ ᠬᠢᠵᠤ᠂ ᠤᠯᠠᠨ ᠤ ᠬᠠᠷᠠᠭ᠎ᠠ ᠵᠢ ᠬᠤᠵᠢᠷᠯᠠᠨ ᠰᠡᠳᠬᠢᠯ ᠢ ᠪᠠᠶᠠᠰᠬᠠᠨ᠎ᠠ᠃ ᠳ᠋ᠸᠡᠭ ᠤᠨ ᠬᠡᠷᠡᠯ ᠲᠤᠸᠠᠯᠠᠬᠰᠠᠨ ᠦᠳᠡᠰᠢ ᠵᠢᠨ ᠪᠤᠷᠤᠯᠠᠭᠤᠯᠭ᠎ᠠ ᠵᠢᠨ ᠠᠬᠤᠢ ᠲᠠᠯᠠᠪᠠᠢ ᠳ᠋ᠤ ᠦᠨᠳᠦᠰᠦᠲᠡᠨ ᠤ ᠤᠨᠴᠠᠯᠢᠬᠲᠤ ᠵᠠᠰᠠᠯ ᠵᠢᠮᠰᠡᠭ᠂ ᠭᠠᠷ ᠤᠷᠠᠯᠠᠯ ᠤᠨ ᠪᠦᠲᠦᠭᠡᠭᠳᠡᠭᠦᠨ᠂ ᠰᠢᠷᠠᠬᠰᠠᠨ ᠢᠳᠡᠭᠡᠨ ᠵᠡᠷᠭᠡ ᠤᠯᠠᠨ ᠤ ᠲᠤᠷᠠᠲᠠᠢ ᠵᠤᠶᠢᠯ ᠤᠳ ᠲᠡᠯᠭᠡᠭᠳᠡᠵᠤ᠂ ᠲᠤᠭᠤᠷᠢᠬᠰᠠᠨ ᠪᠦᠬᠦᠨ ᠤ ᠬᠠᠷᠠᠭ᠎ᠠ ᠵᠢ ᠪᠤᠯᠢᠶᠠᠵᠤ ᠤᠨᠳᠤᠤ ᠨᠢᠬᠡ ᠦᠵᠡᠮᠵᠢ ᠪᠤᠯᠵᠤ ᠬᠠᠷᠠᠬᠳᠠᠨ᠎ᠠ᠃ ᠴᠠᠭᠠᠨ ᠰᠠᠷ᠎ᠠ ᠵᠢᠨ ᠬᠤᠭᠤᠴᠠᠭᠠᠨ ᠳ᠋ᠡᠬᠢ ᠦᠳᠡᠰᠢ ᠵᠢᠨ ᠵᠠᠬ᠎ᠠ ᠨᠢ ᠬᠡᠤᠬᠡᠳ ᠪᠠᠭᠠᠴᠤᠳ ᠤᠨ ᠬᠦᠭᠵᠢᠯᠳᠤᠨ ᠲᠤᠬᠯᠠᠬᠤ ᠰᠢᠨ᠎ᠡ ᠲᠠᠯᠠᠪᠤᠷ᠂ ᠵᠠᠯᠠᠭᠤᠴᠤᠳ ᠤᠨ ᠨᠠᠶᠢᠵᠠ ᠨᠦᠬᠦᠳ ᠲᠠᠢ ᠪᠠᠨ ᠬᠠᠭᠤᠴᠢᠯᠠᠵᠤ ᠫᠢᠵᠢᠤ ᠰᠢᠮᠡᠨ ᠨᠠᠷᠬᠢᠯᠳᠤᠬᠤ ︽ᠨᠠᠶᠢᠷ ᠤᠨ ᠲᠠᠯᠠᠪᠠᠢ︾᠂ ᠨᠡᠡᠭ ᠴᠸ ᠭᠡᠷ ᠪᠦᠯᠢ ᠪᠠᠷ ᠵᠢᠡᠨ ᠬᠠᠮᠲᠤ ᠳ᠋ᠠᠭᠠᠨ ᠲᠤᠭᠤᠷᠢᠨ ᠰᠤᠨᠢᠷᠬᠠᠵᠤ ᠰᠡᠳᠬᠢᠯ ᠵᠢᠡᠨ ᠬᠦᠭᠰᠡᠬᠡᠬᠦ ᠭᠤᠶᠢᠳᠠ ᠴᠡᠴᠡᠷᠯᠢᠭ ᠪᠤᠯᠤᠭᠠᠳ ᠪᠠᠶᠢᠨ᠎ᠠ ᠁

︽ᠮᠦᠡᠭᠭᠦᠨ︾ ᠶᠢᠷᠲᠢᠨᠴᠤ᠌ ᠵᠢᠨ ᠮᠦᠰᠦ ᠴᠠᠰᠤᠨ ᠤ ᠪᠠᠶᠠᠰᠤᠯ

ᠮᠦᠰᠦ ᠴᠠᠰᠤᠨ ᠤ ᠵᠤᠭᠠᠴᠠᠯ ᠤᠨ ᠠᠵᠢᠯᠯᠠᠭ᠎ᠠ ᠬᠦᠭᠵᠢᠶᠡᠨᠳᠡᠢ ᠦᠷᠨᠢᠵᠤ᠂ ᠮᠠᠨ ᠤ ᠬᠤᠲᠠ ᠮᠦᠰᠦ ᠴᠠᠰᠤᠨ ᠤ ᠡᠬᠢ ᠪᠠᠶᠠᠯᠢᠭ ᠲᠠᠭᠠᠨ ᠲᠦᠰᠢᠭᠯᠡᠨ᠂ ᠦᠪᠡᠷᠮᠢᠴᠡ ᠠᠶᠠᠯᠠᠯ ᠵᠤᠭᠠᠴᠠᠯ ᠤᠨ ᠲᠦᠰᠦᠯ ᠢ ᠰᠡᠳᠦᠵᠤ᠂ ︽ᠬᠦᠢᠲᠡᠨ ᠡᠬᠢ ᠪᠠᠶᠠᠯᠢᠭ︾  ᠤᠨ︽ᠬᠠᠯᠠᠭᠤᠨ ᠦᠢᠯᠡᠴᠢᠯᠡᠭᠡ︾ ᠬᠠᠨᠭᠭᠠᠵᠤ ᠪᠠᠶᠢᠨ᠎ᠠ᠃ ᠮᠦᠰᠤᠨ ᠱᠤᠭᠤᠮᠠᠯ ᠤᠨ ᠦᠵᠡᠭᠦᠯᠭᠡ᠂ ᠮᠦᠰᠦᠨ ᠳ᠋ᠸᠡᠭᠯᠸ᠂ ᠮᠦᠰᠦᠨ ᠴᠢᠷᠭ᠎ᠠ᠂ ᠮᠦᠰᠦᠨ ᠲᠤᠭᠤᠷᠭᠤᠯ ᠵᠡᠷᠭᠡ ᠮᠦᠰᠦ ᠴᠠᠰᠤᠨ ᠤ ᠲᠦᠷᠦᠯ ᠵᠤᠶᠢᠯ ᠨᠢ ᠵᠤᠭᠠᠴᠠᠬᠴᠢ ᠤᠯᠠᠨ ᠤ ᠪᠠᠬ᠎ᠠ ᠵᠢ ᠬᠠᠨᠤᠭᠠᠵᠤ ᠰᠡᠳᠬᠢᠯ ᠢ ᠬᠦᠭᠰᠡᠭᠡᠨ᠎ᠡ᠃ ᠴᠠᠰᠤᠨ ᠳ᠋ᠤ ᠭᠤᠯᠭᠤᠨ ᠵᠢᠷᠢᠯᠵᠡᠭᠦᠯᠵᠦ᠂ ᠮᠦᠰᠦᠨ ᠳᠡᠭᠡᠷ᠎ᠡ ᠪᠦᠵᠢᠭᠯᠡᠨ᠂ ᠤᠯᠠᠷᠢᠯ ᠤᠨ ᠦᠪᠡᠷᠮᠢᠴᠡ ᠰᠠᠶᠢᠬᠠᠨ ᠪᠤᠯᠤᠨ ᠷᠤᠮᠠᠨᠲ᠋ᠢᠭ ᠠᠬᠤᠢ ᠵᠢ ᠮᠡᠳᠡᠷᠡᠬᠦ ᠪᠠᠷ ᠵᠦᠭ ᠵᠦᠭ ᠤᠨ ᠵᠤᠭᠠᠴᠠᠬᠰᠠᠳ ᠮᠠᠨᠢ ᠮᠠᠨ ᠤ ᠬᠤᠳᠠ ᠵᠢᠨ ︽ᠮᠦᠰᠦ ᠴᠠᠰᠤᠨ︾  ᠳ᠋ᠤ ᠪᠤᠯᠵᠤᠵᠠᠭᠠᠨ᠎ᠠ᠃ ᠭᠠᠵᠠᠷ ᠤᠷᠤᠨ ᠤ ᠰᠤᠶᠤᠯ ᠪᠤᠯᠤᠨ ︽ᠲᠤᠯᠠᠭᠠᠨ ᠬᠤᠳᠠ︾  ᠵᠢᠨ ᠡᠯᠸᠮᠸᠨ᠋ᠲ ᠵᠢ ᠠᠭᠤᠰᠤᠯᠴᠠᠭᠤᠯᠤᠬᠰᠠᠨ ᠵᠢᠤ ᠴᠸᠡᠭ ᠭᠦᠡᠭ ᠤᠨ ᠮᠦᠰᠦ ᠴᠠᠰᠤᠨ ᠤ ᠰᠢᠨ᠎ᠡ ᠵᠢᠯ ᠤᠨ ᠪᠠᠶᠠᠷ᠂ ᠳ᠋ᠦᠡᠭᠱᠸᠡᠭ ᠲᠤᠭᠤᠷᠢᠭ ᠤᠨ ᠠᠡᠭᠬᠠᠳᠤᠭᠠᠷ ᠬᠤᠭᠤᠴᠠᠭᠠᠨ ᠤ ᠲᠠᠷᠢᠶᠠᠴᠢᠨ ᠤ ᠮᠦᠰᠦ ᠴᠠᠰᠤᠨ ᠤ ᠲᠠᠮᠢᠷ ᠤᠨ ᠴᠤᠬᠯᠠᠭᠠᠨ ᠵᠡᠷᠭᠡ ᠮᠦᠰᠦ ᠴᠠᠰᠤᠨ ᠤ ᠵᠤᠭ᠎ᠠ ᠴᠡᠡᠭᠭᠡᠯ ᠤᠨ ᠠᠵᠢᠯᠯᠠᠭ᠎ᠠ ᠵᠢ ᠶᠠᠪᠤᠬᠳᠠᠭᠤᠯᠵᠤ᠂ ᠮᠦᠰᠦ ᠴᠠᠰᠤᠨ ᠲᠡᠭᠡᠷ᠎ᠡ ᠨᠠᠭᠠᠳᠬᠤ ᠲᠤᠷ᠎ᠠ ᠪᠠᠬᠠᠳᠠᠳ ᠤᠨ ᠬᠡᠷᠡᠭᠴᠡᠭᠡ ᠱᠠᠭᠠᠷᠳᠠᠯᠭ᠎ᠠ ᠵᠢ ᠬᠠᠡᠭᠭᠠᠬᠤ ᠵᠢᠨ ᠵᠡᠷᠭᠡᠳᠡ ᠵᠤᠭᠠᠴᠠᠬᠰᠠᠳ ᠵᠢᠷᠬᠢᠶ᠎ᠡ ᠲᠡᠪᠴᠡᠡᠭ ᠪᠤᠶᠤ ᠪᠤᠰᠤᠳ ᠨᠡᠶᠢᠬᠡᠮ ᠤ ᠬᠠᠷᠢᠯᠴᠠᠭᠠᠨ ᠤ ᠲᠡᠪᠴᠡᠡᠭ ᠲᠡᠭᠡᠷ᠎ᠡ ᠤᠶᠢᠯᠠᠭᠠᠯᠳᠠ ᠲᠦᠷᠦᠭᠳᠡᠯ ᠵᠢᠡᠨ ᠬᠤᠪᠢᠶᠠᠯᠴᠠᠪᠠᠯ ᠱᠠᠡᠭᠨᠠᠯᠳᠤ ᠰᠤᠭᠤᠯᠤᠭ᠎ᠠ ᠳ᠋ᠤ ᠤᠷᠤᠯᠴᠠᠬᠤ ᠵᠢ ᠤᠷᠢᠶᠠᠯᠠᠨ ᠲᠠᠶᠢᠴᠢᠯᠠᠪᠠ᠃ ᠪᠠᠰᠠ DJ ᠲᠠᠭᠤᠤ ᠬᠦᠭᠵᠢᠮ ᠤᠨ ᠨᠠᠶᠢᠷ᠂ ᠲᠦᠳᠡᠭ ᠭᠠᠯ᠂ ᠬᠤᠸᠠᠷ ᠫᠤᠤᠵᠢᠡᠭ ᠤᠨ ᠦᠵᠡᠭᠦᠯᠭᠡ᠂ ᠵᠢᠤ ᠴᠸᠡᠭ ᠬᠦᠡᠭ ᠤᠨ ᠠᠮᠳᠠᠳᠤ ᠢᠳᠡᠭᠡᠨ ᠤ ᠪᠠᠶᠠᠷ ᠵᠡᠷᠭᠡ ᠰᠤᠨᠢᠷᠬᠠᠯᠳᠠᠢ ᠠᠵᠢᠯᠯᠠᠭ᠎ᠠ ᠵᠢ ᠦᠷᠨᠢᠭᠦᠯᠦᠨ᠂ ᠬᠠᠯᠠᠭᠤᠨ ᠲᠤᠭᠤᠭ᠎ᠠ᠂ ᠬᠤᠨᠢᠨ ᠮᠢᠬ᠎ᠠ ᠵᠡᠷᠭᠡ ᠤᠨᠴᠠᠯᠢᠬᠳᠤ ᠠᠮᠳᠠᠳᠤ ᠢᠳᠡᠭᠡᠨ ᠪᠠ ᠮᠠᠯ ᠤᠨ ᠠᠰᠢᠭ ᠰᠢᠮ᠎ᠡ ᠲᠠᠷᠢᠶᠠᠯᠠᠡᠭ ᠤᠨ ᠪᠦᠲᠦᠭᠡᠭᠳᠡᠭᠦᠨ ᠢ ᠪᠤᠷᠤᠯᠠᠭᠤᠯᠵᠤ᠂ ᠨᠢᠬᠡ ᠦᠷᠲᠡᠭᠡᠴᠢᠯᠡᠭᠰᠡᠨ ᠮᠠᠶ᠋ᠢᠭ ᠤᠨ ᠦᠢᠯᠡᠴᠢᠯᠡᠬᠡ ᠬᠠᠡᠭᠭᠠᠵᠤ᠂ ᠴᠠᠭᠠᠨ ᠰᠠᠷ᠎ᠠ ᠵᠢᠨ ᠮᠠᠡᠭᠨᠠᠢ ᠳ᠋ᠤ ᠴᠠᠰᠤ ᠮᠦᠰᠦᠨ ᠤ ᠵᠤᠭᠠᠴᠠᠯ ᠤᠨ ᠠᠵᠢᠯᠯᠠᠭ᠎ᠠ ᠵᠢ ᠢᠳᠡ ᠬᠦᠭᠵᠢᠶᠡᠨᠳᠡᠢ ᠶᠠᠪᠤᠬᠳᠠᠭᠤᠯᠵᠤ᠂ ᠦᠷᠬᠡᠨ ᠤᠯᠠᠨ ᠵᠤᠭᠠᠴᠠᠬᠰᠠᠳ ᠤᠨ ᠠᠡᠭᠬᠠᠷᠤᠯ ᠢ ᠲᠠᠳᠠᠵᠠᠢ᠃

ᠤᠷᠠᠯᠢᠭ ᠰᠤᠶᠤᠯ ᠵᠢᠡᠨ ᠲᠡᠭᠡᠵᠢᠯᠡᠭᠰᠡᠨ ᠤᠷᠠᠨ ᠰᠠᠶᠢᠬᠠᠨ ᠲᠤᠬᠯᠠᠯᠳᠠ

︽ᠲᠡᠭᠦᠯᠢᠯᠳᠡ·2026︾ ᠦᠪᠦᠷ ᠮᠤᠡᠭᠭᠤᠯ ᠤᠨ ᠷᠠᠳᠢᠤ᠋ ᠲᠸᠯᠸᠢᠰ ᠬᠤᠷᠢᠶ᠎ᠠ ᠵᠢᠨ ᠮᠤᠡᠭᠭᠤᠯ ᠬᠡᠯᠡᠨ ᠤ ᠤᠳᠬ᠎ᠠ ᠤᠷᠠᠯᠢᠭ ᠤᠨ ᠤᠨᠴᠠᠭᠠᠢ ᠫᠷᠤᠭ᠍ᠷᠠᠮ ᠤᠨ ᠪᠠᠷᠠᠭᠤᠨ ᠪᠦᠰᠡ ᠨᠤᠲᠤᠭ ᠤᠨ ᠤᠷᠳᠤᠰ ᠲᠡᠬᠢ ᠲᠤᠰᠬᠠᠢ ᠲᠤᠬᠯᠠᠯᠳᠠ᠂ ᠤᠷᠳᠤᠰ ᠬᠤᠳᠠ ᠵᠢᠨ 2026 ᠤᠨ ᠤ ᠴᠠᠭᠠᠨ ᠰᠠᠷ᠎ᠠ ᠵᠢᠨ ᠦᠳᠡᠰᠢᠯᠡᠬᠡ ᠪᠠ ᠡᠯ᠎ᠡ ᠬᠤᠰᠢᠭᠤ ᠲᠤᠭᠤᠷᠢᠭ ᠤᠨ ᠴᠠᠭᠠᠨ ᠰᠠᠷ᠎ᠠ ᠵᠢᠨ ᠦᠳᠡᠰᠢᠯᠡᠬᠡ᠂ ᠤᠯᠠᠭᠠᠨᠮᠦ᠋ᠴᠢᠷ ᠤᠨ ᠲᠤᠰᠬᠠᠢ ᠲᠤᠬᠯᠠᠯᠳᠠ ᠵᠡᠷᠭᠡ ᠴᠠᠭᠠᠨ ᠰᠠᠷ᠎ᠠ ᠵᠢᠨ ᠭᠤᠶᠢᠳᠠ ᠰᠠᠶᠢᠬᠠᠨ ᠠᠵᠢᠯᠯᠠᠭ᠎ᠠ ᠦᠵᠡᠭᠴᠢ ᠤᠯᠠᠨ ᠵᠢᠡᠨ ᠪᠠᠶᠠᠰᠬᠠᠯ᠎ᠠ᠃ ᠡᠳᠡᠭᠡᠷ ᠤᠳᠬ᠎ᠠ ᠤᠷᠠᠯᠢᠭ ᠤᠨ ᠲᠤᠬᠯᠠᠯᠳᠠ ᠦᠳᠡᠰᠢᠯᠡᠬᠡ ᠨᠢ ᠠᠴᠢᠳᠤ ᠨᠠᠮ ᠤᠨ ᠠᠭᠤᠤ ᠬᠠᠶᠢᠷ᠎ᠠ ᠵᠢ ᠮᠠᠬᠳᠠᠨ ᠲᠠᠭᠤᠯᠠᠬᠰᠠᠨ᠂ ᠤᠷᠠᠯᠢᠭ ᠰᠤᠶᠤᠯ ᠤᠨ ᠤᠯᠠᠮᠵᠢᠯᠠᠯ ᠰᠢᠨᠡᠴᠢᠯᠡᠯ ᠢ ᠤᠴᠢᠷᠲᠠᠶᠢᠬᠠᠨ ᠠᠭᠤᠰᠬᠠᠬᠰᠠᠨ᠂ ᠡᠯ᠎ᠡ ᠨᠠᠰᠤᠨ ᠤ ᠦᠵᠡᠭᠴᠢ ᠰᠤᠨᠤᠰᠤᠬᠴᠢᠳ ᠤᠨ ᠰᠤᠨᠢᠷᠬᠠᠯ ᠢ ᠲᠠᠲᠠᠳᠠᠬᠤᠶᠢᠴᠠ ᠰᠤᠳᠤᠨ ᠰᠠᠶᠢᠬᠠᠨ ᠲᠤᠬᠯᠠᠯᠳᠠ ᠪᠤᠯᠤᠬᠰᠠᠨ ᠪᠠᠶᠢᠨ᠎ᠠ᠃ ︽ᠲᠡᠭᠦᠯᠢᠯᠳᠡ·2026︾ᠦᠪᠦᠷ ᠮᠤᠡᠭᠭᠤᠯ ᠤᠨ ᠷᠠᠳᠢᠤ᠋ ᠲᠸᠯᠸᠢᠰ ᠬᠤᠷᠢᠶ᠎ᠠ ᠵᠢᠨ ᠮᠤᠡᠭᠭᠤᠯ ᠬᠡᠯᠡᠨ ᠤ ᠤᠳᠬ᠎ᠠ ᠤᠷᠠᠯᠢᠭ ᠤᠨ ᠤᠨᠴᠠᠭᠠᠢ ᠫᠷᠤᠭ᠍ᠷᠠᠮ ᠤᠨ ᠪᠠᠷᠠᠭᠤᠨ ᠪᠦᠰᠡ ᠨᠤᠲᠤᠭ ᠤᠨ ᠤᠷᠳᠤᠰ ᠲᠡᠬᠢ ᠲᠤᠰᠬᠠᠢ ᠲᠤᠬᠯᠠᠯᠳᠠ ᠳ᠋ᠡᠬᠢ ︽ᠮᠡᠨᠳᠤᠴᠢᠯᠡᠶ᠎ᠡ︾᠂ ︽ᠲᠠᠯ᠎ᠠ ᠨᠤᠲᠤᠭ ᠤᠨ ᠬᠦᠪᠡᠭᠦᠳ ᠦᠬᠢᠳ ᠤᠨ ᠬᠠᠶᠢᠷ᠎ᠠ︾ ᠵᠡᠷᠭᠡ ᠭᠤᠶᠢᠳᠠ ᠰᠠᠶᠢᠬᠠᠨ ᠲᠤᠬᠯᠠᠯᠳᠠ ᠨᠢ ᠦᠵᠡᠭᠴᠢ ᠤᠯᠠᠨ ᠢ ᠰᠤᠬᠳᠤᠭᠤᠷᠠᠭᠤᠯᠤᠨ᠂ ᠦᠶ᠎ᠡ ᠦᠶ᠎ᠡ ᠵᠢᠨ ᠠᠯᠠᠭ᠎ᠠ ᠲᠠᠰᠢᠯᠲᠠ᠂ ᠤᠤᠬᠠᠢ ᠲᠠᠭᠤᠨ ᠤ ᠲᠤᠮᠳᠠ ︽ᠲᠠᠬᠢᠨ ᠨᠢᠬᠡ ᠲᠠᠭᠤᠯᠠᠭᠠᠴᠢ︾ ᠬᠡᠵᠤ ᠪᠠᠶᠢᠨ ᠲᠠᠬᠢᠨ ᠬᠦᠰᠡᠯᠲᠡ ᠪᠠᠨ ᠲᠡᠪᠰᠢᠭᠦᠯᠤᠨ᠂ ︽ᠡᠨᠡ ᠲᠤᠬᠯᠠᠯᠳᠠ ᠰᠠᠶᠢᠬᠠᠨ ᠶᠠᠪᠤᠬᠳᠠᠬᠰᠠᠨ︾᠂︽ᠲᠠᠶᠠᠭᠠᠷ ᠰᠡᠳᠬᠢᠯ ᠪᠠᠶᠠᠰᠬᠤᠯᠠᠡᠭ ᠦᠳᠡᠰᠢᠯᠡᠭᠡ ᠪᠤᠯᠤᠬᠰᠠᠨ︾᠂ ︽ᠲᠠᠷᠬᠠᠬᠤ ᠪᠠᠨ ᠮᠠᠷᠲᠠᠬᠰᠠᠨ ᠲᠤᠷᠠᠰᠤᠮᠵᠢ ᠲᠠᠢ ᠦᠳᠡᠰᠢ ᠪᠤᠯᠤᠯ᠎ᠠ︾ ᠬᠡᠵᠤ ᠪᠤᠳᠤᠯ ᠵᠢᠡᠨ ᠬᠤᠪᠢᠶᠠᠯᠴᠠᠵᠠᠭᠠᠨ᠎ᠠ᠃ ᠤᠯᠠᠨ ᠲᠦᠮᠡᠨᠴᠢ ᠰᠤᠶᠤᠯ ᠤᠷᠠᠯᠢᠭ ᠢ ᠨᠡᠡᠭ ᠲᠤᠰᠬᠠᠶᠢᠵᠢᠬᠰᠠᠨ᠂ ᠤᠯᠠᠨ ᠲᠦᠮᠡᠨ ᠳ᠋ᠤ ᠨᠡᠡᠭ ᠢᠯᠡᠬᠦᠦ ᠤᠶᠢᠷᠠᠳᠤᠭᠤᠯᠬᠤ ᠵᠢ ᠵᠤᠷᠢᠵᠤ᠂ ᠤᠷᠳᠤᠰ ᠬᠤᠳᠠ ᠵᠢᠨ 2026 ᠤᠨ ᠤ ᠪᠠᠭᠠᠴᠤᠳ ᠬᠡᠤᠬᠡᠳ ᠪᠠ ᠨᠠᠰᠤᠳᠠᠶᠢᠴᠤᠳ ᠤᠨ ᠴᠠᠭᠠᠨ ᠰᠠᠷ᠎ᠠ ᠵᠢᠨ ᠦᠳᠡᠰᠢᠯᠡᠬᠡ ᠵᠢ ᠡᠷᠬᠢᠯᠡᠭᠰᠡᠨ ᠨᠢ ᠤᠷᠠᠯᠢᠭ ᠰᠤᠶᠤᠯ ᠵᠢᠡᠷ ᠤᠯᠠᠨ ᠲᠦᠮᠡᠨ ᠳ᠋ᠤ ᠦᠢᠯᠡᠴᠢᠯᠡᠬᠦ ᠠᠷᠭ᠎ᠠ ᠵᠠᠮ ᠢ ᠦᠷᠭᠡᠳᠬᠡᠵᠤ᠂ ᠦᠨᠳᠦᠰᠦᠲᠡᠨ ᠤ ᠰᠢᠯᠢᠳᠡᠭ ᠰᠤᠶᠤᠯ ᠤᠨ ᠤᠯᠠᠨ ᠲᠦᠮᠡᠨ ᠤ ᠲᠤᠮᠳᠠ ᠬᠦᠨ ᠦᠨᠳᠦᠰᠦᠯᠡᠨ ᠪᠤᠶᠢᠵᠢᠬᠤ ᠵᠢ ᠠᠬᠢᠭᠤᠯᠵᠠᠢ᠃ ᠤᠲᠤᠭ ᠬᠤᠰᠢᠭᠤᠨ ᠤ 2026 ᠤᠨ ᠤ ᠴᠠᠭᠠᠨ ᠰᠠᠷ᠎ᠠ ᠵᠢᠨ ᠦᠳᠡᠰᠢᠯᠡᠬᠡ ᠳ᠋ᠤ ᠤᠷᠳᠤᠰ ᠬᠤᠷᠢᠮ ᠤᠨ ᠵᠠᠡᠭ ᠦᠢᠯᠡ ᠳ᠋ᠤ ᠪᠠᠶᠢᠳᠠᠭ ᠪᠡᠷᠬᠡᠳ ᠤᠨ ᠡᠭᠦᠳᠡ ᠲᠠᠷᠤᠬᠤ ᠶᠤᠰᠤ ᠪᠠᠷ ᠰᠡᠳᠦᠪᠯᠡᠭᠰᠡᠨ ᠤᠷᠠᠨ ᠰᠠᠶᠢᠬᠠᠨ ᠪᠦᠵᠢᠭ ᠵᠢᠴᠢ ᠤᠷᠳᠤᠰ ᠨᠠᠶᠢᠷ ᠨᠢ ᠪᠤᠳᠠᠰ ᠤᠨ ᠪᠤᠰᠤ ᠰᠤᠶᠤᠯ ᠤᠨ ᠦᠪ ᠤᠨ ᠤᠬᠢ ᠲᠡᠯᠡᠰᠳᠤ ᠵᠢ ᠬᠠᠷᠠᠭᠤᠯᠵᠤ᠂ ᠤᠤᠯ ᠤᠨ ᠬᠢ ᠪᠠᠨ ᠪᠤᠳᠤᠪᠠᠯ ᠨᠡᠡᠭ ᠰᠢᠨᠡᠷᠭᠦᠨ᠂ ᠰᠢᠨ᠎ᠡ ᠡᠭᠦᠳᠦᠯᠳᠡ ᠲᠠᠢ᠂ ᠤᠳᠤ ᠴᠠᠭ ᠦᠶ᠎ᠡ ᠲᠠᠢ ᠨᠢᠬᠳᠠ ᠤᠶᠠᠯᠳᠤᠬᠰᠠᠨ ᠤᠷᠠᠯᠢᠭ ᠰᠤᠶᠤᠯ ᠢ ᠤᠯᠠᠨ ᠤ ᠬᠠᠷᠠᠭᠠᠨ ᠳ᠋ᠤ ᠬᠦᠷᠭᠡᠯ᠎ᠡ᠃

ᠰᠠᠷ᠎ᠠ ᠰᠢᠨ᠎ᠡ ᠵᠢᠨ ᠪᠠᠶᠠᠷ ᠵᠢᠡᠨ ᠪᠡᠯᠬᠡᠯᠡᠨ᠂ ᠰᠢᠨ᠎ᠡ ᠵᠢᠯ ᠳ᠋ᠡᠬᠡᠨ ᠠᠮᠵᠢᠯᠳᠠ ᠪᠦᠲᠦᠭᠡᠯ ᠵᠢᠡᠷ ᠲᠦᠭᠦᠷᠡᠡᠭ᠂ ᠠᠵᠠ ᠬᠡᠶᠢᠮᠤᠷᠢ ᠲᠠᠢ ᠪᠠᠶᠢᠬᠤ ᠵᠢ ᠪᠡᠯᠬᠡᠳᠡᠵᠤ᠂ ᠰᠢᠨ᠎ᠡ ᠴᠠᠭ ᠦᠶ᠎ᠡ ᠵᠢᠨ ᠤᠷᠳᠤᠰ ᠤᠨ ᠤᠯᠠᠨ ᠲᠦᠮᠡᠨ ᠤ ᠵᠤᠯ ᠵᠢᠷᠭᠠᠯᠳᠤ ᠠᠮᠢᠳᠤᠷᠠᠯ ᠪᠤᠯᠤᠨ ᠤᠶᠤᠨ ᠰᠠᠨᠠᠭᠠᠨ ᠤ ᠲᠦᠷᠢ ᠲᠦᠷᠬᠦ ᠵᠢ ᠲᠡᠯᠬᠡᠨ ᠦᠵᠡᠭᠦᠯᠦᠭᠰᠡᠨ ᠮᠠᠨ ᠤ ᠬᠤᠳᠠ ᠵᠢᠨ ᠪᠠᠶᠠᠯᠢᠭ ᠠᠭᠤᠯᠭ᠎ᠠ ᠪᠦᠬᠦᠢ ᠰᠤᠶᠤᠯ ᠵᠤᠭᠠᠴᠠᠯ ᠤᠨ ᠠᠵᠢᠯᠯᠠᠭ᠎ᠠ ᠨᠢ ᠡᠨᠡ ᠨᠤᠲᠤᠭ ᠤᠨ ᠰᠤᠶᠤᠯ ᠤᠨ ᠪᠤᠳᠠᠳᠤ ᠬᠦᠴᠦᠨ ᠪᠠ ᠦᠷᠭᠡᠨ ᠤᠯᠠᠨ ᠤᠷᠠᠯᠢᠬᠴᠢᠳ ᠤᠨ ᠬᠦᠴᠦᠨ ᠵᠢᠳᠬᠦᠯ᠂ ᠬᠠᠯᠠᠭᠤᠨ ᠤᠷᠮ᠎ᠠ ᠵᠢ ᠬᠠᠷᠠᠭᠤᠯᠤᠨ᠂ ᠲᠤᠮᠳᠠᠳᠤ ᠵᠢᠨ ᠦᠨᠳᠦᠰᠦᠳᠡᠨ ᠤ ᠬᠠᠮᠳᠤ ᠵᠢᠨ ᠴᠤᠭᠴᠠ ᠵᠢᠨ ᠤᠬᠠᠮᠰᠠᠷ ᠢ ᠨᠡᠩ ᠪᠠᠳᠤ ᠴᠤᠭᠴᠠᠯᠠᠵᠤ᠂ ᠲᠤᠮᠳᠠᠳᠤ ᠵᠢᠨ ᠰᠢᠯᠢᠳᠡᠭ ᠰᠤᠶᠤᠯ ᠤᠨ ᠬᠦᠭᠵᠢᠯ ᠪᠠᠳᠠᠷᠠᠯ ᠳ᠋ᠤ ᠬᠦᠴᠦᠨ ᠨᠡᠮᠡᠷᠢᠯᠡᠪᠡ᠃