ᠡᠷᠳᠡᠨᠢᠠᠠᠭᠤᠯᠠ ᠢᠢᠨ ᠵᠣᠬᠢᠶᠠᠯ ᠪᠦᠳᠦᠭᠡᠯ ᠢ ᠰᠣᠳᠣᠯᠣᠨ ᠶᠠᠷᠢᠯᠴᠠᠪᠠ

 ᠄ 2024-07-14 17:05:56

  6 ᠳ᠋ᠣᠭᠠᠷ ᠰᠠᠷ᠎ᠠ ᠢᠢᠨ 23  ᠤ ᠡᠳᠦᠷ᠂ ᠡᠷᠳᠡᠨᠢᠠᠠᠭᠤᠯᠠ ᠢᠢᠨ ᠰᠢᠨ᠎ᠡ ᠪᠦᠳᠦᠭᠡᠯ ᠤᠨ ᠴᠢᠯᠦᠭᠡᠳᠦ ᠶᠠᠷᠢᠯᠴᠠᠭ᠎ᠠ ᠵᠢᠴᠢ ᠲᠡᠭᠦᠨ ᠤ ᠵᠣᠬᠢᠶᠠᠨ ᠪᠦᠳᠦᠭᠡᠯᠭᠡ ᠢᠢᠨ ᠰᠠᠭᠤᠳᠠᠯ ᠤᠨ ᠬᠤᠷᠠᠯ ᠣᠷᠣᠨ ᠤ ᠲᠦᠪ ᠬᠦᠬᠡᠬᠤᠳᠠ ᠳᠤ ᠣᠳᠭ᠎ᠠ ᠲᠡᠭᠦᠯᠳᠡᠷ ᠪᠣᠯᠵᠣ ᠦᠩᠭᠡᠷᠡᠯ᠎ᠡ᠃

ᠡᠨᠡᠬᠦ ᠠᠵᠢᠯᠯᠠᠭ᠎ᠠ ᠢᠢ ᠦᠣᠰᠢᠨ ᠬᠤᠰᠢᠭᠤᠨ ᠤ ᠣᠳᠭ᠎ᠠ ᠣᠷᠠᠯᠢᠭ ᠤᠨ ᠬᠢᠨ ᠤ ᠬᠤᠯᠪᠣᠭ᠎ᠠ ᠠᠴᠠ ᠭᠤᠣᠯᠯᠠᠨ ᠡᠷᠬᠢᠯᠡᠵᠣ᠂ ᠦᠣᠰᠢᠨ ᠬᠤᠰᠢᠭᠤᠨ ᠤ ᠵᠣᠬᠢᠶᠠᠯᠴᠢᠳ ᠤᠨ ᠡᠪᠯᠡᠯ᠂ ᠦᠣᠰᠢᠨ ᠬᠤᠰᠢᠭᠤᠨ ᠤ ᠦᠣᠰᠢᠨᠵᠣᠣ ᠪᠠᠯᠭᠠᠰᠣᠨ ᠤ ᠪᠠᠶᠠᠠᠳᠣᠯᠣᠭᠠᠢ ᠭᠠᠴᠠᠭᠠᠨ ᠤ ᠠᠷᠠᠳ ᠤᠨ ᠵᠦᠪᠯᠡᠯ᠂ ᠦᠣᠰᠢᠨ ᠬᠤᠰᠢᠭᠤᠨ ᠤ ᠰᠣᠶᠣᠯ ᠤᠨ ᠣᠷᠳᠣᠨ ᠠᠴᠠ ᠲᠠᠭᠠᠭᠠᠴᠢᠯᠠᠨ ᠡᠷᠬᠢᠯᠡᠪᠡ᠃ ᠬᠤᠷᠠᠯ ᠤᠨ ᠦᠶ᠎ᠡ ᠪᠠᠷ ᠨᠡᠷᠡᠳᠦ ᠰᠢᠬᠦᠮᠵᠢᠯᠡᠭ᠍ᠴᠢ ᠬᠠᠳᠠᠴᠢ· ᠭᠠᠩ᠂ ᠨᠡᠷᠡᠳᠦ ᠵᠣᠬᠢᠶᠠᠯᠴᠢ ᠦᠯᠵᠡᠶᠢᠪᠦ᠋ᠷᠢᠨ᠂ ᠨᠡᠷᠡᠳᠦ ᠢᠷᠠᠭᠤ ᠨᠠᠶᠢᠷᠠᠭᠴᠢ ᠲ᠊·ᠰᠡᠴᠡᠨ᠂ ᠨᠡᠷᠡᠳᠦ ᠰᠡᠳᠭᠦᠯᠴᠢ᠂ ᠵᠣᠬᠢᠶᠠᠯᠴᠢ ᠪᠡᠰᠦᠳᠡᠢ ᠬᠠᠰᠪᠢᠯᠢᠭ᠂ ︽ᠦᠨᠢᠷ ᠴᠡᠴᠡᠭ︾ ᠰᠡᠳᠬᠦᠯ ᠤᠨ ᠶᠡᠷᠦᠩᠬᠡᠢ ᠨᠠᠶᠢᠷᠠᠭᠤᠯᠣᠭᠴᠢ ᠨᠣᠮᠢᠨᠳᠠᠢ᠂ ︽ᠠᠯᠳᠠᠨ ᠭᠠᠨᠳᠠᠷᠢ︾ ᠰᠡᠳᠬᠦᠯ ᠤᠨ ᠶᠡᠷᠦᠩᠬᠡᠢ ᠨᠠᠶᠢᠷᠠᠭᠤᠯᠣᠭᠴᠢ ᠠ᠊·ᠪᠣᠶᠠᠨ᠌ᠧᠴᠢᠷ᠂ ︽ᠠᠯᠳᠠᠨ ᠲᠦᠯᠬᠢᠬᠦᠷ︾ ᠰᠡᠳᠬᠦᠯ ᠤᠨ ᠲᠡᠳ᠋ ᠶᠡᠷᠦᠩᠬᠡᠢ ᠨᠠᠶᠢᠷᠠᠭᠤᠯᠣᠭᠴᠢ ᠰᠠᠶᠢᠨᠴᠣᠭᠳᠣ᠂ ᠢᠷᠠᠭᠤ ᠨᠠᠶᠢᠷᠠᠭᠴᠢ ᠨ᠊· ᠪᠢᠷ᠂ ᠪᠠᠶᠠᠭᠤᠳ ᠰᠠᠩᠵᠠᠢ᠂ ᠪᠣᠳᠣᠭᠤᠨᠪᠣᠶᠢᠯᠠᠭᠠᠨ᠂ ᠣᠷᠠᠨ ᠵᠣᠬᠢᠶᠠᠯ ᠤᠨ ᠠᠰᠫᠢᠷᠠᠨᠲ ᠳ᠋ᠣᠺᠲ᠋ᠣᠷ ᠡᠷᠳᠡᠮᠳᠡᠳ ᠠᠴᠠ ᠡᠷᠳᠡᠨᠢᠠᠠᠭᠤᠯᠠ ᠢᠢᠨ ᠰᠢᠨ᠎ᠡ ᠨᠣᠮ ᠪᠠ ᠵᠣᠬᠢᠶᠠᠨ ᠪᠦᠳᠦᠭᠡᠯᠭᠡ ᠢᠢᠨ ᠣᠯᠣᠯᠳᠠ ᠠᠮᠵᠢᠯᠳᠠ᠂ ᠣᠷᠣᠰᠢᠵᠣ ᠪᠠᠶᠢᠭ᠎ᠠ ᠠᠰᠠᠭᠤᠳᠠᠯ ᠪᠣᠶᠣ ᠲᠡᠭᠡᠭ᠍ᠰᠢᠯᠡᠬᠦᠯᠬᠦ ᠴᠢᠬᠤᠯᠠᠳᠠᠢ ᠵᠦᠢᠯᠡᠰ ᠤᠨ ᠲᠣᠬᠠᠢ ᠦᠵᠡᠯ ᠪᠣᠳᠣᠯ ᠢᠶᠠᠨ ᠴᠢᠯᠦᠭᠡᠳᠡᠢ ᠶᠠᠷᠢᠯᠴᠠᠭᠰᠠᠨ ᠪᠠᠶᠢᠨ᠎ᠠ᠃

ᠡᠷᠳᠡᠨᠢᠠᠠᠭᠤᠯᠠ ︱ ᠣᠷᠳᠣᠰ ᠬᠤᠳᠠ ᠢᠢᠨ ᠦᠣᠰᠢᠨ ᠬᠤᠰᠢᠭᠤᠨ ᠤ ᠦᠣᠰᠢᠨᠵᠣᠣ ᠪᠠᠯᠭᠠᠰᠣᠨ ᠤ ᠪᠠᠶᠠᠠᠳᠣᠯᠣᠭᠠᠢ ᠭᠠᠴᠠᠭ᠎ᠠ ᠪᠠᠷ ᠨᠣᠳᠤᠭ ᠲᠠᠢ ᠢᠷᠠᠭᠤ ᠨᠠᠶᠢᠷᠠᠭᠴᠢ᠃ ᠬᠠᠯᠢᠭᠤᠨ᠂ ᠰᠢᠪᠡᠷᠡᠭᠡ᠂ ᠴᠠᠪᠢᠳᠠᠷ᠂ ᠣᠷᠭ᠎ᠠ᠂ ᠡᠬᠦᠯᠡᠨ᠂ ᠣᠨᠠᠭ᠎ᠠ᠂ ᠠᠷᠭᠤᠮᠠᠭ ᠭᠡᠬᠦ ᠮᠡᠳᠦ ᠢᠢᠨ ᠪᠢᠷ ᠤᠨ ᠨᠡᠷ᠎ᠡ ᠭᠡᠷᠡᠭ᠍ᠯᠡᠵᠣ ᠰᠣᠨᠢᠨ ᠰᠡᠳᠬᠦᠯ ᠳᠤ ᠣᠷᠠᠨ ᠪᠦᠳᠦᠭᠡᠯ ᠢᠶᠠᠨ ᠨᠡᠶᠢᠳᠡᠯᠡᠳᠡᠭ᠃ ᠡᠬᠦᠨ ᠳᠤ ᠣᠨᠠᠭ᠎ᠠ ᠭᠡᠳᠡᠭ ᠪᠢᠷ ᠤᠨ ᠨᠡᠷ᠎ᠡ ᠨᠢ ᠣᠩᠰᠢᠭᠴᠢᠳ ᠤᠨ ᠲᠣᠮᠳᠠ ᠨᠦᠯᠦᠭᠡ ᠶᠡᠬᠡᠳᠡᠢ᠃ ︽ᠴᠠᠭ ᠤᠨ ᠭᠠᠳᠠᠨᠠᠬᠢ ᠵᠢᠷᠮᠣᠰᠣᠯᠠᠯ︾᠂ ︽ᠭᠠᠭᠴᠠ ᠬᠠᠷ᠎ᠠ ᠠᠳᠣᠭᠤ︾᠂ ︽ᠦᠣᠰᠢᠨ ᠵᠢᠷᠤᠭ᠎ᠠ ᠮᠣᠷᠢᠨ ᠰᠣᠶᠣᠯ︾᠂ ︽ᠪᠠᠶᠠᠠᠳᠣᠯᠣᠭᠠᠢ ᠪᠢᠳᠡ ᠬᠤᠶᠠᠭᠤᠯᠠ︾᠂ ︽ᠣᠯᠠᠷᠢᠯ ᠤᠨ ᠲᠠᠭᠤᠣ︾ ᠵᠡᠷᠭᠡ ᠣᠷᠠᠨ ᠪᠦᠳᠦᠭᠡᠯ ᠤᠨ ᠲᠡᠭᠦᠪᠦᠷᠢ ᠲᠠᠢ᠃