4 ᠰᠠᠷ᠎ᠠ ᠵᠢᠨ 29 ᠤ ᠡᠳᠦᠷ᠂ ᠪᠢᠯᠢᠭ ᠤᠨ ᠤᠯᠠᠷᠢᠯ ᠤᠨ ᠭᠤᠷᠪᠠᠨ ᠰᠠᠷ᠎ᠠ ᠵᠢᠨ ᠬᠤᠷᠢᠨ ᠨᠢᠬᠡᠨ᠂ ᠤᠷᠳᠤᠰ ᠲᠤᠭᠠᠯᠠᠯ ᠤᠨ ᠵᠢᠷᠭᠤᠭᠠᠨ ᠰᠠᠷ᠎ᠠ ᠵᠢᠨ ᠬᠤᠷᠢᠨ ᠨᠢᠬᠡᠨ ᠤ ᠡᠳᠦᠷ᠂ ᠬᠦᠭᠡ ᠯᠤᠤ ᠵᠢᠯ︵2024 ᠤᠨ︶ ᠤᠨ ᠴᠢᠨᠭᠭᠢᠰ ᠬᠠᠭᠠᠨ ᠤ ᠬᠠᠪᠤᠷ ᠤᠨ ᠤᠯᠠᠷᠢᠯ ᠤᠨ ᠴᠠᠭᠠᠨ ᠰᠦᠷᠦᠭ ᠤᠨ ᠲᠠᠶᠢᠯᠭ᠎ᠠ ᠵᠢᠨ ᠪᠡᠶᠡᠲᠤ ᠪᠤᠰᠤ ᠰᠤᠶᠤᠯ ᠤᠨ ᠦᠪ ᠢ ᠤᠯᠠᠮᠵᠢᠯᠠᠬᠤ ᠠᠵᠢᠯᠯᠠᠭ᠎ᠠ ᠴᠢᠨᠭᠭᠢᠰ ᠬᠠᠭᠠᠨ ᠤ ᠤᠨᠭᠭᠤᠨ ᠳ᠋ᠤ ᠳᠡᠯᠬᠡᠷᠡᠨᠭᠭᠦᠢ ᠶᠡᠭᠡ ᠪᠡᠷ ᠶᠠᠪᠤᠭᠳᠠᠵᠤ᠂ ᠡᠯ᠎ᠡ ᠭᠠᠵᠠᠷ ᠡᠴᠡ ᠬᠦᠷᠦᠯᠴᠡᠨ ᠢᠷᠡᠭᠰᠡᠨ ᠰᠦᠰᠦᠭᠲᠡᠨ ᠮᠦᠷᠬᠦᠯᠴᠢᠳ ᠵᠢᠴᠢ ᠵᠤᠭᠠᠴᠠᠭᠰᠠᠳ ᠬᠤᠷᠠᠨ ᠴᠤᠭᠯᠠᠷᠠᠵᠠᠢ᠃
ᠲᠤᠰ ᠡᠳᠦᠷ ᠤᠨ ᠦᠳᠡ ᠵᠢᠨ ᠡᠮᠦᠨ᠎ᠡ ᠵᠢᠨ 6 ᠴᠠᠭ ᠲᠤ ᠲᠠᠷᠬᠠᠳ ᠤᠨ ᠲᠠᠶᠢᠯᠭ᠎ᠠ᠂ 9 ᠴᠠᠭ ᠡᠴᠡ 10 ᠴᠠᠭ ᠬᠠᠭᠠᠰ ᠬᠦᠷᠲᠡᠯ᠎ᠡ ᠬᠤᠰᠢᠭᠤ ᠨᠤᠲᠤᠭ ᠤᠨ ᠬᠠᠮᠲᠤ ᠵᠢᠨ ᠲᠠᠬᠢᠯᠭ᠎ᠠ᠂ 10 ᠴᠠᠭ ᠬᠠᠭᠠᠰ ᠲᠤ ᠠᠯᠲᠠᠨ ᠤᠷᠳᠤᠨ ᠤ ᠪᠠᠭ᠎ᠠ ᠲᠠᠶᠢᠯᠭ᠎ᠠ᠂ 11 ᠴᠠᠭ ᠲᠤ ᠡᠰᠦᠭ ᠤᠨ ᠲᠠᠶᠢᠯᠭ᠎ᠠ᠂ ᠦᠳᠡ ᠵᠢᠨ ᠬᠤᠶᠢᠨ᠎ᠠ ᠵᠢᠨ 3 ᠴᠠᠭ ᠡᠴᠡ 5 ᠴᠠᠭ ᠬᠦᠷᠲᠡᠯ᠎ᠡ ᠠᠯᠲᠠᠨ ᠤᠷᠳᠤᠨ ᠤ ᠶᠡᠭᠡ ᠲᠠᠶᠢᠯᠭ᠎ᠠ ᠶᠠᠪᠤᠭᠳᠠᠯ᠎ᠠ᠃
ᠴᠠᠭᠠᠨ ᠰᠦᠷᠦᠭ ᠤᠨ ᠲᠠᠶᠢᠯᠭ᠎ᠠ ᠵᠢᠨ ᠬᠤᠭᠤᠴᠠᠭᠠᠨ ᠳ᠋ᠤ ᠪᠠᠰᠠ ᠬᠦᠴᠦᠲᠤ 512 ᠪᠦᠭᠡ ᠵᠢᠨ ᠲᠡᠮᠡᠴᠡᠬᠡᠨ᠂ ᠦᠨᠳᠦᠰᠦᠲᠡᠨ ᠤ ᠡᠳᠡᠯᠡᠯ ᠬᠡᠷᠡᠭᠰᠡᠯ ᠤᠨ ᠳᠡᠯᠬᠡᠨ ᠪᠤᠷᠤᠯᠠᠭᠤᠭᠠ ᠵᠡᠷᠭᠡ ᠠᠵᠢᠯᠯᠠᠭ᠎ᠠ ᠶᠠᠪᠤᠭᠳᠠᠯ᠎ᠠ᠃