ᠡᠵᠢ ᠦᠨᠥᠷᠳᠥᠭᠰᠡᠨ ᠵᠤᠨ

 ᠄ 2026-08-17 11:01:55

 

 
ᠡᠵᠢ ᠎ᠵᠢᠨ ᠨᠢᠳᠤᠨ ᠡᠴᠡ ᠮᠠᠯᠮᠠᠷᠠᠬᠥ᠌

ᠪᠦᠪᠡᠢ᠎ᠵᠢᠨ ᠠᠶᠠᠯᠭᠤᠨ ᠳ᠋ᠤ

ᠨᠢᠯᠬ᠎ᠠ ᠎ᠵᠢᠨ ᠳᠠᠭᠤ᠂ ᠡ᠊ᠩᠬᠥᠷᠡᠶ᠋ᠢᠭᠡᠨ ᠦᠨᠥᠷ

ᠨᠢᠯ ᠭᠡᠮᠡᠨ ᠠᠶ᠋ᠢᠰᠤᠢ

 

ᠬᠠᠶᠠ ᠤᠬᠢᠯᠠᠵᠤ᠂ ᠬᠠᠶᠠ ᠪᠠᠶᠠᠰᠴᠤ᠌

ᠬᠠᠨ᠎ᠠ ᠴᠡᠩᠭᠡᠷᠯᠡᠬᠥᠯᠵᠤ ᠬᠠᠶ᠋ᠢᠷ᠎ᠠ ᠢᠷᠡᠨ᠎ᠡ

ᠪᠢ

ᠡᠵᠢ ᠎ᠵᠢᠨ ᠬᠠᠶ᠋ᠢᠷ᠎ᠠ ᠳ᠋ᠤ ᠭᠤᠶᠤ ᠪᠤᠯᠤᠨ᠎ᠠ ᠭᠡᠵᠤ

ᠮᠦᠷᠥᠭᠡᠳᠥᠯ᠎ᠵᠢᠡᠷ ᠳᠡᠯᠭᠡᠷᠡᠳᠡᠭ ᠶᠤᠮ

 

ᠭᠡᠰᠡᠭ ᠪᠤᠳᠠᠩ᠂ ᠭᠡᠰᠡᠭ ᠪᠤᠷᠤᠭᠠᠨ

ᠨᠤᠭᠤᠭᠠᠨ ᠳᠡᠷᠯᠢᠭ ᠡᠮᠥᠰᠭᠡᠨ᠎ᠡ ᠭᠡᠵᠤ

ᠵᠤᠨ ᠪᠤᠯᠳᠠᠭ ᠶᠤᠮ

ᠪᠢ

ᠳᠠᠷᠠᠰᠤᠨ ᠦᠯᠥᠩ᠎᠎ᠢ ᠰᠢᠬᠢᠷ ᠰᠢᠭ ᠵᠠᠵᠢᠯᠵᠤ

ᠡᠵᠢ᠎ᠵᠢᠨ ᠦᠨᠥᠷ ᠳᠡᠢ ᠵᠤᠨ ᠳ᠋ᠤ

ᠴᠡᠴᠡᠭᠭᠡᠨ ᠨᠠᠰᠤ ᠪᠠᠨ ᠦᠭᠡᠶ᠋ᠢᠯᠡᠨᠡᠮ

 

ᠰᠦᠷᠥᠨ ᠳᠡᠭᠡᠷ᠎ᠡ ᠬᠤᠷᠤᠳ ᠳᠡᠯᠭᠡᠵᠤ ᠬᠠᠳᠠᠭᠠᠬᠤ

ᠪᠤᠷᠤᠭᠠᠨ ᠵᠦᠰᠡᠷᠡᠵᠤ ᠰᠤᠯᠤᠩᠭ᠎ᠠ ᠳᠠᠳᠠᠬᠤ ᠨᠢ

ᠡᠵᠢ᠎ᠵᠢᠨ ᠦᠨᠥᠷ ᠳᠡᠢ ᠵᠤᠨ ᠦᠵᠡᠰᠬᠥᠯᠡᠩ ᠶᠤᠮ

 

ᠨᠠᠷᠠ᠂ ᠰᠠᠷᠠ᠂ ᠤᠳᠤᠨ ᠭᠡᠷᠡᠯ

ᠤᠷᠠᠨ ᠵᠢᠷᠤᠭ᠎ ᠤᠨ ᠦᠩᠭᠡ

ᠠᠭᠠᠷ᠂ ᠪᠤᠷᠤᠭᠠᠨ᠂ ᠤᠰᠤ

ᠵᠤᠨ ᠡᠬᠢᠯᠠᠵᠤ᠂ ᠪᠠᠰᠠ ᠳᠡᠬᠥᠰᠤᠨ᠎ᠠ

ᠤᠨᠠᠭ᠎ᠠ᠂ ᠪᠤᠳᠤᠭᠤ᠂ ᠳᠤᠭᠤᠯ᠂ ᠢᠰᠢᠭᠡ᠂ ᠬᠤᠷᠠᠭ᠎ᠠ

ᠡᠵᠢ ᠎ᠵᠢᠨ ᠳᠠᠪᠤᠨ ᠬᠤᠰᠢᠭᠤ ᠮᠠᠯ

ᠳᠡᠷᠡ ᠪᠦᠬᠥᠨ

ᠡᠵᠢ ᠎ᠵᠢᠨ ᠦᠨᠥᠷ ᠳᠡᠢ ᠵᠤᠨ ᠶᠤᠮ

 

ᠰᠦ᠂ ᠠᠶ᠋ᠢᠷᠠᠭ᠂ ᠦᠷᠥᠮ᠎ᠡ

ᠦᠨᠢᠶᠠᠨ ᠵᠠᠯᠠᠨ ᠡᠴᠡ ᠦᠨᠥᠷᠳᠥᠳᠡᠭ

ᠰᠠᠴᠤᠯᠢ ᠪᠠᠨ ᠡᠷᠬᠥᠵᠤ᠂ ᠪᠠᠰᠠ ᠳᠠᠯᠠᠯᠤᠨ᠎ᠠ

ᠳᠡᠷᠡ ᠪᠦᠬᠥᠨ

ᠡᠵᠢ ᠎ᠵᠢᠨ ᠦᠨᠥᠷ ᠳᠡᠢ ᠵᠤᠨ ᠳᠠᠩᠰᠤᠭᠯᠠᠵᠤ ᠨᠠᠯᠠᠶ᠋ᠢᠳᠠᠭ

 

ᠵᠤᠨ᠎ ᠪᠤᠷᠤᠭᠠᠨ ᠡᠴᠡ

ᠰᠦ ᠠᠮᠳᠠᠭᠳᠠᠨ᠎ᠠ᠂ ᠬᠠᠶ᠋ᠢᠷ᠎ᠠ ᠤᠷᠬᠢᠯᠤᠨ᠎ᠠ

ᠡᠵᠢ ᠎ᠵᠢᠨ ᠠᠶᠠᠭᠠᠨ ᠡᠴᠡ ᠬᠤᠷᠤᠳ ᠠᠮᠳᠠᠯᠠᠭᠳᠠᠨ᠎ᠠ

ᠳᠡᠷᠡ ᠵᠦᠪᠭᠡᠨ ᠵᠢᠷᠭᠠᠯ᠎ᠤᠨ ᠠᠮᠳᠠ

ᠪᠢ

ᠡᠵᠢ ᠎ᠵᠢᠨ ᠦᠨᠥᠷ ᠳᠡᠢ ᠬᠤᠨ᠎ᠤ ᠦᠭᠢᠨ ᠁

                (ᠬᠤᠨᠢᠴᠢᠨ ᠠ᠊ · ᠵᠢᠷᠠ)