ᠤᠯᠠᠯᠵᠠᠨ ᠲᠦᠷᠡᠯᠵᠡᠭᠰᠡᠨ ᠤᠨ ᠵᠢᠯ ᠤᠶᠢᠯᠤᠨ ᠪᠠᠳᠠᠷᠠᠬᠰᠠᠨ ᠡᠷᠢᠨ ᠵᠠᠭᠤᠨ

 ᠄ 2026-05-26 10:13:59

   ︱ᠤᠷᠳᠤᠰ ᠪᠥᠵᠢᠭ ᠬᠢᠬᠡᠳ ᠴᠢᠡᠭᠬᠤᠸᠠ ᠶᠡᠬᠡ ᠰᠤᠷᠭᠠᠭᠤᠯᠢ ᠢᠢᠨ ᠬᠤᠪᠢ ᠪᠠᠷᠢᠯᠳᠤᠯᠭ᠎ᠠ

 

ᠡᠷᠢᠨ ᠵᠠᠭᠤᠨ ᠤ ᠡᠶᠡᠪᠡᠷᠭᠦᠤ ᠰᠠᠯᠬᠢ ᠡᠵᠡᠨ ᠬᠤᠷᠤᠭ᠎ᠠ ᠵᠢᠨ ᠡᠬᠡ ᠠᠭᠤᠳᠠᠮ ᠭᠠᠵᠠᠷ ᠢ ᠢᠯᠪᠢᠭᠡᠳ ᠴᠢᠡᠭᠬᠤᠸᠠ ᠶᠡᠬᠡ ᠰᠤᠷᠭᠠᠭᠤᠯᠢ ᠵᠢᠨ ᠬᠦᠷᠢᠶᠡᠨ ᠳ᠋ᠤ ᠬᠦᠷᠴᠤ ᠶᠠᠭᠤ ᠨᠢᠬᠡ ᠵᠢ ᠬᠦᠤᠷᠨᠢᠵᠤ ᠪᠠᠶᠢᠭ᠎ᠠ ᠮᠡᠳᠤ᠃ 2026 ᠤᠨ ᠤ ᠵᠤᠨ ᠤ ᠡᠬᠢ ᠪᠠᠷ᠂ ᠮᠢᠩᠭᠠᠨ ᠭᠠᠵᠠᠷ ᠠᠯᠤᠰᠯᠠᠵᠤ ᠪᠠᠶᠢᠭ᠎ᠠ ᠠᠯᠳᠠᠨᠰᠢᠷᠡᠭᠡᠳᠦ ᠪᠠᠭ᠎ᠠ ᠰᠤᠷᠭᠠᠭᠤᠯᠢ ᠪᠤᠯᠤᠨ ᠴᠢᠡᠭᠬᠤᠸᠠ ᠶᠡᠬᠡ ᠰᠤᠷᠭᠠᠭᠤᠯᠢ ᠵᠢᠨ ᠬᠦᠷᠢᠶᠡᠨ ᠳ᠋ᠤ ᠠᠳᠠᠯᠢᠬᠠᠨ ᠪᠥᠵᠢᠭ ᠪᠦᠵᠢᠭᠯᠡᠭᠳᠡᠵᠤ᠂ ᠬᠠᠮᠳᠤ ᠵᠢᠨ ᠬᠤᠪᠢ ᠪᠠᠷᠢᠯᠳᠤᠯᠭ᠎ᠠ ᠪᠠᠨ ᠦᠷᠭᠦᠯᠵᠢᠯᠡᠭᠦᠯᠦᠭᠰᠡᠭᠡᠷ ᠁

ᠡᠳᠦᠬᠡ᠂ ᠨᠢᠬᠡᠨ ᠵᠠᠭᠤᠨ ᠤ ᠤᠷᠳᠤ ᠠᠶᠠᠨ ᠢ ᠲᠤᠭᠤᠯᠵᠤ ᠢᠷᠡᠭᠰᠡᠨ ᠵᠠᠭᠤᠨ ᠨᠠᠰᠤᠨ ᠤ ᠪᠠᠨ ᠠᠵᠠ ᠬᠡᠶᠢᠮᠤᠷᠢ᠂ ᠠᠮᠵᠢᠯᠳᠠ ᠠᠯᠳᠠᠷ ᠵᠢᠡᠨ ᠪᠢᠴᠢᠭᠯᠡᠭᠰᠡᠨ ᠠᠯᠲᠠᠨᠰᠢᠷᠡᠭᠡᠲᠤ ᠪᠠᠭ᠎ᠠ ᠰᠤᠷᠭᠠᠭᠤᠯᠢ ᠵᠢᠨ ᠰᠤᠷᠤᠭᠴᠢᠳ ᠰᠤᠷᠭᠠᠭᠤᠯᠢ ᠪᠠᠶᠢᠭᠤᠯᠤᠭᠳᠠᠭᠰᠠᠨ ᠵᠠᠭᠤᠨ ᠵᠢᠯ ᠤᠨ ᠭᠤᠤᠯ ᠰᠡᠲᠦᠪᠲᠤ ᠤᠷᠠᠨ ᠪᠦᠵᠢᠭ ᠵᠢᠡᠨ ᠪᠤᠯᠪᠠᠰᠤᠷᠠᠵᠤ ᠪᠠᠶᠢᠬᠤ ᠳ᠋ᠤ ᠠᠯᠤᠰ ᠲᠡᠷᠳᠡᠭᠡ ᠳ᠋ᠡᠬᠢ ᠴᠢᠡᠭᠬᠤᠸᠠ ᠶᠡᠬᠡ ᠰᠤᠷᠭᠠᠭᠤᠯᠢ ᠢᠢᠨ ᠪᠡᠶ᠎ᠡ ᠢᠢᠨ ᠲᠠᠮᠢᠷ ᠤᠨ ᠲᠠᠯᠠᠪᠠᠢ ᠳᠤ ᠪᠠᠰᠠ ᠬᠦᠷ ᠬᠥᠭ᠍ᠵᠢᠶᠡᠨ ᠪᠢᠯᠬᠠᠨ᠂ ᠪᠠᠭᠰᠢ ᠰᠤᠷᠤᠭᠴᠢᠳ ᠨᠢ ᠢᠳᠡᠷᠬᠦᠨ ᠠᠶᠢᠵᠠᠮ ᠭᠤᠸᠠᠯᠢᠭ ᠬᠥᠳᠡᠯᠦᠯ ᠲᠠᠢ ︽ᠣᠷᠳᠣᠰ ᠪᠥᠵᠢᠭ ︾ ᠢ ᠪᠦᠵᠢᠭᠯᠡᠵᠡᠭᠡᠨ᠎ᠡ᠃ ᠡᠨᠡ ᠪᠣᠯ 65 ᠵᠢᠯ ᠢ ᠰᠤᠨᠳᠠᠯᠠᠭᠰᠠᠨ ᠬᠠᠶᠢᠷ᠎ᠠ ᠵᠢᠨ ᠪᠤᠤᠬᠢᠶ᠎ᠠ ᠮᠥᠨ᠃

ᠤᠷᠳᠤᠰ ᠬᠤᠳᠠ ᠢᠢᠨ ᠡᠵᠡᠨ ᠬᠣᠷᠣᠭ᠎ᠠ ᠬᠣᠰᠢᠭᠤᠨ ᠤ ᠠᠯᠳᠠᠨᠰᠢᠷᠡᠭᠡᠲᠤ ᠪᠠᠭ᠎ᠠ ᠰᠤᠷᠭᠠᠭᠤᠯᠢ ᠢᠢᠨ ᠲᠠᠪᠤᠳᠤᠭᠠᠷ ᠣᠨ ᠤ ᠰᠤᠷᠤᠭᠴᠢ ᠨᠠᠰᠢᠳᠠᠢ ᠬᠦᠰᠡᠯ ᠤᠨ ᠰᠠᠮᠪᠠᠷ᠎ᠠ ᠲᠡᠭᠡᠷ᠎ᠡ ᠪᠡᠨ᠄︽ᠪᠢ ᠴᠢᠡᠭᠬᠤᠸᠠ ᠶᠡᠬᠡ ᠰᠤᠷᠭᠠᠭᠤᠯᠢ ᠳᠤ ᠰᠢᠯᠭᠠᠭᠤᠯᠬᠤ ᠡᠷᠡᠮᠡᠯᠵᠡᠯ ᠲᠠᠶ︾ᠭᠡᠵᠦ ᠪᠢᠴᠢᠯ᠎ᠡ᠂ ᠠᠪᠤ ᠨᠢ ᠲᠡᠭᠦᠨ ᠢ ᠦᠵᠡᠭᠡᠳ ᠤᠳᠠᠲᠠᠯ᠎ᠠ ᠳᠤᠭᠤᠶ ᠪᠣᠯᠪᠠ ︱ ᠲᠡᠷᠡ ᠬᠦ ᠬᠣᠯᠠ ᠢᠢᠨ ᠨᠡᠷ᠎ᠡ ᠨᠢ ᠲᠠᠯ᠎ᠠ ᠨᠤᠲᠤᠭ ᠤᠨ ᠬᠡᠸᠬᠡᠳ ᠲᠦ ᠠᠪᠴᠤ ᠬᠡᠯᠡᠪᠡᠯ᠂ ᠣᠲᠣ ᠰᠢᠭ ᠬᠡᠷᠡᠯ ᠲᠡᠶ ᠪᠥᠭᠡᠳ ᠬᠣᠯᠠ ᠰᠠᠨᠠᠭᠳᠠᠨ᠎ᠠ᠃ ᠬᠡᠭᠦ ᠳ᠋ᠡᠬᠡᠨ ᠨᠠᠰᠢᠳᠠᠢ ᠲᠠᠴᠢᠷ ᠨᠢᠮᠭᠡᠨ ᠭᠠᠵᠠᠷ ᠳᠡᠭᠡᠷ᠎ᠡ ᠴᠦ ᠪᠦᠳᠦᠭᠦᠨ ᠮᠣᠳᠣ ᠣᠷᠭᠣᠵᠦ ᠴᠢᠳᠠᠨ᠎ᠠ ᠬᠡᠬᠦ ᠠᠪᠤ ᠵᠢᠨ ᠵᠢᠡᠨ ᠰᠤᠷᠭᠠᠯ ᠢ ᠰᠡᠳᠭᠢᠯ ᠵᠢᠷᠦᠬᠡᠨ ᠳᠡᠭᠡᠨ ᠬᠠᠳᠠᠩᠰᠢᠭᠤᠯᠵᠤ᠂ ᠲᠡᠷᠡ ᠬᠦ ᠬᠦᠰᠡᠯ ᠵᠢᠡᠨ ᠰᠡᠳᠭᠢᠯ ᠳᠡᠭᠡᠨ ᠲᠠᠷᠢᠬᠰᠠᠨ ᠪᠠᠶᠢᠪᠠ᠃

ᠠᠯᠲᠠᠨᠰᠢᠷᠡᠭᠡᠲᠤ ᠪᠠᠭ᠎ᠠ ᠰᠤᠷᠭᠠᠭᠤᠯᠢ ᠪᠠᠶᠢᠭᠤᠯᠤᠬᠳᠠᠭᠠᠳ ᠡᠨᠡ ᠵᠢᠯ ᠶᠠᠭ ᠵᠠᠭᠤᠨ ᠵᠢᠯ ᠤᠨ ᠨᠢᠭᠤᠷ ᠦᠵᠡᠵᠤ ᠪᠤᠢ᠃ ᠵᠠᠭᠤᠨ ᠵᠢᠯ ᠢ ᠰᠤᠨᠳᠠᠯᠠᠭᠰᠠᠨ ᠤᠷᠲᠤ ᠬᠤᠭᠤᠴᠠᠭᠠᠨ ᠳ᠋ᠤ ᠭᠠᠩ ᠬᠠᠭᠰᠠᠷᠠᠭᠠᠨ᠂ ᠦᠢᠮᠡᠭᠡᠨ ᠳᠡᠪᠵᠢᠶᠡᠨ ᠡᠴᠡ ᠪᠤᠯᠵᠦ ᠬᠡᠳᠦᠨ ᠤᠳᠠᠭ᠎ᠠ ᠬᠢᠴᠢᠶᠡᠯ ᠵᠣᠭᠰᠣᠵᠤ᠂ ᠶᠠᠭ ᠯᠠ ᠲᠠᠯ᠎ᠠ ᠵᠢᠨ ᠬᠦᠨ ᠳ᠋ᠡᠬᠢ ᠦᠨᠦᠴᠢᠨ ᠲᠡᠮᠡᠬᠡ ᠮᠡᠲᠤ ᠪᠠᠶᠢᠵᠤ᠂ ᠬᠠᠮᠤᠭ ᠠᠩᠬᠠᠨ ᠳ᠋ᠠᠭᠠᠨ 28 ᠰᠤᠷᠤᠭᠴᠢ ᠰᠢᠨ᠎ᠡ ᠡᠬᠢᠯᠡᠯᠲᠡ ᠵᠢᠨ ᠬᠠᠭᠤᠳᠠᠰᠤ ᠶ᠋ᠢ ᠰᠡᠬᠦᠵᠤ ᠪᠢᠯᠡ᠃ ᠡᠨᠡ ᠬᠦ ᠳᠥᠭᠥᠮ ᠪᠦᠳᠦᠭᠦᠯᠢᠭ ᠮᠥᠷᠲᠡᠭᠡᠨ ᠳᠤᠯᠠᠭᠠᠨ ᠪᠦᠯᠢᠶᠡᠨ ᠬᠢᠴᠢᠶᠡᠯ ᠦᠨ ᠲᠠᠩᠬᠢᠮ ᠳᠤ ᠡᠯ᠎ᠡ ᠦᠨᠳᠦᠰᠦᠲᠡᠨ ᠦ ᠠᠬ᠎ᠠ ᠳᠡᠭᠦᠦ᠍ ᠨᠡᠷ ᠦᠨ ᠬᠡᠤᠬᠡᠳ ᠬᠠᠮᠲᠤ ᠪᠡᠷ ᠰᠢᠶ᠍ᠸ ᠽᠠᠢ ᠱᠠᠨ ᠪᠠᠭᠰᠢ ᠵᠢᠨ ᠵᠢᠯᠤᠭᠤᠳᠤᠯᠭ᠎ᠠ ᠲᠤᠤᠷ᠎ᠠ ᠦᠨᠳᠦᠰᠦᠲᠡᠨ ᠦ ᠦᠭᠡ ᠬᠡᠯᠡ ᠢᠢ ᠨᠠᠷᠢᠨ ᠨᠢᠮᠪᠠᠢ ᠰᠤᠷᠴᠤ ᠡᠬᠢᠯᠡᠵᠡᠢ᠃

ᠴᠢᠡᠭᠬᠤᠸᠠ ᠶᠡᠬᠡ ᠰᠤᠷᠭᠠᠭᠤᠯᠢ ᠨᠢ ᠲᠤᠭᠤᠨᠤ ᠪᠠᠨ ᠲᠤᠯᠵᠤ ᠲᠤᠯᠭ᠎ᠠ ᠪᠠᠨ ᠪᠤᠰᠬᠠᠨ᠂ ᠲᠡᠤᠬᠡ ᠰᠤᠶᠤᠯ ᠵᠢᠡᠨ ᠪᠠᠳᠠᠷᠠᠭᠠᠵᠤ ᠲᠦᠮᠡᠨ ᠳ᠋ᠤ ᠠᠯᠳᠠᠷ ᠵᠢᠡᠨ ᠲᠠᠭᠤᠷᠢᠰᠤᠭᠤᠯᠤᠭᠠᠳ 115 ᠵᠢᠯ ᠤᠨ ᠠᠶᠠᠨ ᠢ ᠲᠤᠭᠤᠯᠤᠯ᠎ᠠ᠃ ᠲᠡᠷᠡᠴᠢᠯᠡᠨ ᠵᠠᠭᠤᠨ ᠵᠢᠯ ᠤᠨ ᠨᠢᠭᠤᠷ ᠦᠵᠡᠭᠰᠡᠨ ᠡᠨᠡ ᠬᠣᠶᠠᠷ ᠰᠤᠷᠭᠠᠭᠤᠯᠢ ᠢᠢᠨ ᠬᠦᠷᠢᠶᠡᠨ ᠡᠴᠡ︽ᠤᠷᠳᠤᠰ ᠪᠦᠵᠢᠭ︾ᠵᠡᠷᠭᠡ ᠪᠡᠷ ᠪᠦᠵᠢᠭᠯᠡᠭᠳᠡᠨ᠂ ᠬᠤᠶᠠᠷ ᠲᠠᠯ᠎ᠠ ᠶ᠋ᠢ ᠬᠤᠯᠪᠤᠬᠤ ᠬᠤᠯᠪᠤᠭᠠᠰᠤ ᠪᠤᠯᠤᠨ ᠲᠤᠭᠲᠠᠨᠢᠨ᠎ᠠ᠃ ᠡᠨᠡ ᠬᠦ ᠬᠤᠯᠪᠤᠭᠠᠰᠤ ᠪᠤᠯᠤᠭᠰᠠᠨ︽ᠤᠷᠳᠤᠰ ᠪᠦᠵᠢᠭ︾ ᠢ 1951 ᠣᠨ ᠳᠤ᠂ ᠪᠥᠵᠢᠭ᠍ᠴᠢᠨ ᠵᠢᠶᠠ ᠽᠦᠸᠧ ᠭᠤᠸᠠᠡᠭ ᠶᠡᠬᠡ ᠵᠤᠤ ᠠᠶᠢᠮᠠᠭ ᠤᠨ ᠦᠤᠰᠢᠨ ᠬᠤᠰᠢᠭᠤᠨ ᠤ ᠦᠦᠰᠢᠨᠵᠤᠤ ᠵᠢᠨ ᠰᠦᠮ᠎ᠡ ᠳ᠋ᠤ ᠢᠷᠡᠭᠡᠳ ᠰᠦᠮ᠎ᠡ ᠬᠡᠶᠢᠳ ᠦᠨ ᠴᠠᠮ ᠤᠨ ᠪᠦᠵᠢᠭ ᠢ ᠦᠵᠡᠭᠡᠳ᠂ ᠡᠨᠡ ᠬᠦ ᠲᠠᠯ᠎ᠠ ᠨᠤᠲᠤᠭ ᠤᠨ ᠬᠦᠨ ᠡᠴᠡ ᠯᠤᠬᠰᠢᠬᠤ ᠵᠢᠷᠦᠬᠡᠨ ᠴᠣᠬᠢᠯᠭ᠎ᠠ ᠢᠢ ᠣᠯᠵᠤ ᠰᠣᠨᠣᠰᠴᠠᠶ᠃ ᠲᠡᠷᠡ︽ᠤᠳᠭ᠎ᠠ ᠤᠷᠠᠯᠢᠭ ᠨᠢ ᠠᠷᠠᠳ ᠲᠦᠮᠡᠨ ᠳ᠋ᠤ ᠦᠢᠯᠡᠴᠢᠯᠡᠬᠦ︾ᠴᠢᠭ᠍ᠯᠡᠯ ᠢᠶᠡᠷ ᠤᠭ ᠤᠨ ᠨᠠᠮᠤᠭᠤᠨ ᠠᠶᠠᠰ ᠢ ᠲᠦᠷᠭᠡᠳᠭᠡᠵᠦ᠂ ᠪᠥᠵᠢᠭ ᠦᠨ ᠠᠯᠬᠤᠭ᠎ᠠ ᠳᠤ ᠴᠤᠭ ᠵᠤᠯᠪᠤᠭ᠎ᠠ ᠨᠡᠮᠡᠵᠤ᠂ ᠥᠨᠳᠥᠷᠯᠢᠭ ᠦᠨ ᠥᠷᠭᠡᠨ ᠠᠭᠤᠳᠠᠮ ᠪᠠᠶᠢᠬᠤ ᠢᠢ ᠬᠠᠳᠠᠭᠠᠯᠠᠭᠰᠠᠨ ᠮᠦᠷᠲᠡᠭᠡᠨ ᠰᠢᠨ᠎ᠡ ᠳᠤᠮᠳᠠᠳᠤ ᠤᠯᠤᠰ ᠤᠨ ᠴᠣᠭ ᠵᠢᠪᠬᠤᠭ᠎ᠠ ᠢᠢ ᠢᠯᠡᠷᠡᠬᠦᠯᠥᠭᠰᠡᠨ︽ᠣᠷᠳᠣᠰ ᠪᠥᠵᠢᠭ ︾ ᠵᠢᠡᠨ ᠵᠣᠬᠢᠶᠠᠭᠰᠠᠨ ᠶᠤᠮ ᠃

ᠴᠠᠮ ᠤᠨ ᠪᠦᠵᠢᠭ ᠨᠢ ᠲᠥᠪᠡᠳ ᠦᠨ ᠥᠨᠳᠥᠷᠯᠢᠭ ᠦᠨ ᠰᠣᠶᠣᠯ ᠢ ᠠᠭᠤᠯᠵᠤ᠂ ᠡᠷᠲᠡᠨ ᠦ ᠦᠨᠳᠦᠰᠦᠲᠡᠨ ᠨᠦᠭᠦᠳ ᠦᠨ ᠪᠥᠵᠢᠭ ᠦᠨ ᠣᠬᠢ ᠰᠣᠳᠣ ᠡ᠊ᠨᠳᠡ ᠠᠭᠤᠰᠤᠯᠴᠠᠭᠰᠠᠨ ᠪᠠᠶᠢᠳᠠᠭ᠃

1955 ᠣᠨ ᠳᠤ ᠸᠠᠷᠱᠠᠸᠠ ᠳ᠋ᠤ ᠪᠤᠯᠤᠭᠰᠠᠨ ᠲᠠᠪᠤᠳᠤᠭᠠᠷ ᠬᠤᠭᠤᠴᠠᠭᠠᠨ ᠤ ᠳᠡᠯᠡᠬᠡᠢ ᠢᠢᠨ ᠵᠠᠯᠠᠭᠤᠴᠤᠳ ᠤᠨ ᠨᠠᠶᠢᠷ ᠳᠡᠭᠡᠷ᠎ᠡ︽ᠤᠷᠳᠤᠰ ᠪᠥᠵᠢᠭ︾ᠨᠢ ᠠᠷᠠᠳ ᠤᠨ ᠪᠥᠵᠢᠭ ᠦᠨ ᠤᠷᠤᠯᠳᠤᠭᠠᠨ ᠤ ᠠᠯᠳᠠᠨ ᠱᠠᠩᠨᠠᠯ ᠢ ᠲᠤᠰᠴᠤ᠂ ᠲᠦᠪ ᠤᠨ ᠤᠳᠤᠷᠢᠳᠤᠯᠭ᠎ᠠ ᠵᠥᠩ ᠨᠠᠨ ᠬᠠᠶ ᠳᠤ ᠲᠣᠭᠯᠠᠭᠴᠢᠳ ᠢ ᠬᠦᠯᠢᠶᠡᠨ ᠠᠪᠴᠤ ᠠᠭᠤᠯᠵᠠᠬᠤ ᠳ᠋ᠤ ᠰᠡᠴᠡᠨᠳᠠᠷᠬᠢ ᠲᠠᠢ ᠨᠢᠭᠤᠷᠳᠠᠬᠰᠠᠨ ᠪᠠᠶᠢᠳᠠᠭ᠃ ᠰᠡᠴᠡᠨᠳᠠᠷᠬᠢ ᠡᠨᠡ ᠵᠢᠯ ᠶᠡᠷᠡ ᠵᠢᠨ ᠲᠠᠪᠠᠭ᠎ᠠ ᠵᠢ ᠲᠤᠭᠤᠯᠤᠭ᠎ᠠ ᠴᠸ ᠵᠢᠶᠠ ᠽᠦᠸ᠋ᠸ ᠭᠤᠸᠠᠡᠭ ᠪᠠᠭᠰᠢ ᠬᠣᠵᠢᠮ ᠨᠢ ᠴᠢᠡᠭᠬᠤᠸᠠ ᠶᠡᠬᠡ ᠰᠤᠷᠭᠠᠭᠤᠯᠢ ᠳᠤ ᠢᠷᠡᠵᠦ ᠡᠨᠡ ᠬᠦ ᠪᠥᠵᠢᠭ ᠢ ᠵᠢᠭᠠᠭᠰᠠᠨ ᠢ ᠲᠡᠷᠡ ᠲᠣᠪ ᠲᠣᠳᠣᠷᠬᠠᠶ ᠴᠡᠭᠡᠵᠢᠯᠡᠭᠰᠡᠭᠡᠷ᠁

ᠴᠢᠡᠭᠬᠤᠸᠠ ᠶᠡᠬᠡ ᠰᠤᠷᠭᠠᠭᠤᠯᠢ ᠢᠢᠨ ᠪᠥᠵᠢᠭ ᠦᠨ ᠠᠩᠭᠢ ᠢᠢᠨ ᠰᠤᠷᠤᠭᠴᠢᠳ ᠲᠤᠬᠠᠢ ᠵᠢᠨ ᠦᠶ᠎ᠠ ᠳ᠋ᠤ ᠪᠠᠶᠠᠷᠯᠠᠨ ᠬᠦᠭᠡᠷᠦᠯᠳᠦᠵᠤ᠂ ᠣᠷᠭᠢᠯᠤᠮ᠎ᠠ ᠬᠠᠯᠠᠭᠤᠨ ᠰᠡᠳᠭᠢᠯᠭᠡ ᠪᠡᠷ ᠤᠨᠴᠠ ᠵᠢᠨ ᠲᠤᠷᠠᠳᠬᠠᠯ ᠪᠤᠯᠭᠠᠭᠰᠠᠨ ᠢ ᠤᠳᠤ ᠡᠷᠬᠢᠨ ᠰᠠᠨᠠᠬᠤ ᠳ᠋ᠤ ᠤᠨ ᠴᠠᠭ ᠤᠨ ᠴᠠᠭᠠᠨ᠎ᠠ ᠪᠢᠴᠢᠭᠳᠡᠨ ᠦᠯᠡᠳᠡᠵᠡᠢ᠃

1958 ᠣᠨ ᠳᠤ᠂ ᠬᠤᠤ ᠵᠤᠤ ᠭᠤᠸᠠᠡᠭ ᠴᠢᠡᠭᠬᠤᠸᠠ ᠶᠡᠬᠡ ᠰᠤᠷᠭᠠᠭᠤᠯᠢ ᠢᠢᠨ ᠮᠠᠰᠢᠨ ᠮᠧᠬᠠᠨᠢᠭ ᠤᠨ ᠰᠠᠯᠪᠤᠷᠢ ᠳᠤ ᠰᠢᠯᠭᠠᠨ ᠤᠷᠤᠵᠤ᠂ 1961 ᠣᠨ  ᠠᠴᠠ ᠲᠡᠷᠡ ᠵᠢᠯ ᠪᠦᠷᠢ︽ᠣᠷᠳᠣᠰ ᠪᠥᠵᠢᠭ︾ ᠢ ᠪᠥᠵᠢᠭ᠍ᠯᠡᠳᠡᠭ ᠪᠠᠶᠢᠪᠠ᠃ ᠮᠥᠨ ᠡᠨᠡ ᠬᠤᠭᠤᠴᠠᠭᠠᠨ ᠳᠤ ᠶ᠋ᠢᠨ ᠴᠢᠨ ᠽᠤᠤ ᠴᠢᠡᠭᠬᠤᠸᠠ ᠶᠡᠭᠡ ᠰᠤᠷᠭᠠᠭᠤᠯᠢ ᠵᠢᠨ ᠬᠦᠷᠢᠶᠡᠨ ᠳ᠋ᠤ ᠡᠨᠡ ᠬᠦ ᠲᠠᠯ᠎ᠠ ᠨᠤᠲᠤᠭ ᠤᠨ ᠪᠥᠵᠢᠭ ᠲᠡᠶ ᠬᠤᠪᠢ ᠪᠠᠷᠢᠯᠳᠤᠯᠭ᠎ᠠ ᠲᠠᠶ ᠪᠤᠯᠵᠤ᠂ ᠰᠤᠷᠭᠠᠭᠤᠯᠢ ᠵᠢᠨ ᠪᠠᠶᠠᠷ ᠪᠣᠯᠬᠤ ᠪᠦᠷᠢ︽ᠣᠷᠳᠣᠰ ᠪᠥᠵᠢᠭ ︾ ᠢ ᠪᠥᠵᠢᠭ᠍ᠯᠡᠬᠦ ᠦᠭᠡᠶ ᠪᠣᠯ ᠰᠦᠨᠡᠰᠦ ᠪᠡᠨ ᠭᠡᠭᠡᠭ᠍ᠰᠡᠨ ᠰᠢᠬ ᠤᠷᠮ᠎ᠠ ᠦᠭᠡᠢ ᠬᠡᠵᠤ ᠰᠡᠳᠬᠢᠯ ᠵᠢᠡᠨ ᠲᠡᠯᠭᠡᠭᠰᠡᠨ ᠪᠢᠯᠠ᠃ ᠰᠤᠷᠭᠠᠭᠤᠯᠢ ᠢᠢᠨ ᠵᠠᠬᠢᠷᠤᠯ ᠪᠠᠶᠢᠭᠰᠠᠨ ᠸᠠᠩ ᠳ᠋ᠠ ᠵᠥᠩ ᠮᠦᠨ ᠴᠸ᠋ ︽ᠤᠷᠳᠤᠰ ᠪᠦᠵᠢᠭ︾ ᠤᠨ ᠠᠩᠬᠠᠨ ᠤ ᠪᠥᠵᠢᠭ᠍ᠴᠢᠨ ᠦ ᠨᠢᠭᠡ ᠶᠤᠮ ᠰᠠᠨ᠃ ᠡᠭᠦᠨ ᠡᠴᠡ ᠰᠡᠭᠦᠯᠡᠷ 80 ᠵᠢᠯ ᠦᠨ ᠣᠶ᠂ 90 ᠵᠢᠯ ᠦᠨ ᠣᠶ᠂ 100 ᠵᠢᠯ ᠦᠨ ᠣᠶ᠂ 110 ᠵᠢᠯ ᠦᠨ ᠣᠶ ᠵᠡᠷᠭᠡ ᠠᠵᠢᠯᠯᠠᠭ᠎ᠠ ᠳᠤ ᠴᠢᠡᠭᠬᠤᠸᠠ ᠶᠡᠬᠡ ᠰᠤᠷᠭᠠᠭᠤᠯᠢ ᠢᠢᠨ ᠦᠶ᠎ᠡ ᠦᠶ᠎ᠡ ᠢᠢᠨ ᠬᠥᠮᠦᠰ ᠲᠠᠯ᠎ᠠ ᠨᠤᠲᠤᠭ ᠠᠴᠠ ᠬᠦᠪᠦᠷᠡᠭᠰᠡᠨ ᠡᠨᠡ ᠬᠦ ᠪᠥᠵᠢᠭ ᠢ ᠪᠥᠵᠢᠭ᠍ᠯᠡᠭ᠍ᠰᠡᠭᠡᠷ ᠢᠷᠡᠵᠡᠶ᠃ ᠬᠤᠤ ᠵᠤᠤ ᠭᠤᠸᠠᠡᠭ᠄ ︽ᠮᠠᠨ ᠤ ᠬᠥᠳᠡᠯᠦᠯ ᠪᠠᠷᠢᠯ ᠨᠢ ᠬᠥᠰᠢᠭᠦᠨ ᠪᠠᠶᠢᠪᠠᠴᠤ ᠴᠣᠭ ᠵᠢᠪᠬᠤᠭ᠎ᠠ ᠨᠢ ᠵᠢᠯ ᠡᠴᠡ ᠵᠢᠯ ᠨᠡᠮᠡᠭᠳᠡᠵᠤ᠂ ᠴᠢᠡᠭᠬᠤᠸᠠ ᠶᠡᠬᠡ ᠰᠤᠷᠭᠠᠭᠤᠯᠢ ᠢᠢᠨ ᠰᠤᠷᠤᠭᠴᠢᠳ ᠮᠠᠨ ᠤ ᠲᠣᠭᠯᠠᠯᠲᠠ ᠢᠢ ᠤᠯᠠᠮ ᠢᠯᠡᠭᠦᠦ ᠦᠵᠡᠬᠦ ᠳᠤᠷᠠᠲᠠᠶ ᠪᠤᠯᠵᠠᠢ︾ ᠭᠡᠵᠦ ᠪᠠᠶᠠᠷᠯᠠᠨ᠎ᠠ᠃

ᠦᠨᠳᠦᠰᠦᠲᠡᠨ ᠦ ᠪᠥᠵᠢᠭ ᠢ ᠡᠯ᠎ᠡ ᠦᠨᠳᠦᠰᠦᠲᠡᠨ ᠦ ᠤᠷᠠᠯᠢᠭᠴᠢᠳ ᠬᠠᠮᠲᠤ ᠪᠠᠷ ᠲᠣᠭᠯᠠᠵᠤ᠂ ᠴᠢᠡᠭᠬᠤᠸᠠ ᠶᠡᠬᠡ ᠰᠤᠷᠭᠠᠭᠤᠯᠢ ᠵᠢᠨ ᠬᠦᠷᠢᠶᠡᠨ ᠳ᠋ᠤ ᠵᠢᠷᠠᠨ ᠲᠠᠪᠤᠨ ᠵᠢᠯ ᠤᠯᠠᠮᠵᠢᠯᠠᠬᠰᠠᠨ ᠵᠢᠡᠨ ᠡᠳᠦᠬᠡ ᠲᠠᠭᠢᠨᠲᠠ ᠣᠷᠳᠣᠰ ᠤᠨ ᠲᠠᠯ᠎ᠠ ᠨᠤᠲᠤᠭ ᠤᠨ ᠪᠠᠭ᠎ᠠ ᠰᠤᠷᠭᠠᠭᠤᠯᠢ ᠢᠢᠨ ᠬᠢᠴᠢᠶᠡᠯ ᠦᠨ ᠲᠠᠩᠬᠢᠮ ᠳᠤ ᠰᠢᠨ᠎ᠡ ᠠᠮᠢᠯᠠᠯ ᠵᠢᠡᠨ ᠤᠯᠵᠤ ᠪᠠᠶᠢᠨ᠎ᠠ᠃ ᠡᠨᠡ ᠪᠣᠯ ᠳᠤᠮᠳᠠᠳᠤ ᠢᠢᠨ ᠦᠨᠳᠦᠰᠦᠲᠡᠨ ᠦ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤᠨ ᠬᠠᠮᠤᠭ ᠤᠨ ᠠᠮᠢᠳᠤᠯᠢᠭ ᠲᠠᠶᠢᠯᠪᠤᠷᠢ ᠪᠣᠯᠤᠨ᠎ᠠ᠃

ᠵᠠᠭᠤᠨ ᠵᠢᠯ ᠤᠨ ᠨᠠᠷᠠᠨ ᠰᠠᠷᠠᠨ ᠵᠢᠡᠷ ᠤᠨ ᠤ ᠬᠦᠷᠳᠤ ᠤᠷᠴᠢᠷᠤᠨ᠂ ᠵᠢᠪᠬᠤᠭᠠᠳᠤ ᠦᠨᠳᠦᠰᠦᠲᠡᠨ ᠤ ᠪᠢᠯᠢᠭ ᠤᠨ ᠲᠡᠭᠷᠢ ᠴᠡᠯᠮᠡᠭ᠃ ᠨᠠᠰᠢᠲᠡᠶ ᠢᠢᠨ ᠬᠦᠰᠡᠯ ᠨᠢ ᠴᠢᠡᠭᠬᠤᠸᠠ ᠶᠡᠬᠡ ᠰᠤᠷᠭᠠᠭᠤᠯᠢ ᠢᠢᠨ ᠦᠶ᠎ᠡ ᠦᠶ᠎ᠡ ᠢᠢᠨ ᠪᠥᠵᠢᠭ᠍ᠴᠢᠳ ᠦᠨ ᠤᠯᠠ ᠮᠥᠷ ᠲᠡᠶ ᠨᠢᠭᠡ ᠯᠡ ᠭᠠᠵᠠᠷ ᠳᠡᠭᠡᠷ᠎ᠡ ᠬᠦᠪᠦᠷᠡᠨ ᠬᠦᠪᠦᠷᠡᠨ ᠨᠠᠬᠢᠶᠠᠯᠠᠨ᠎ᠠ᠃ ᠲᠠᠯ᠎ᠠ ᠨᠤᠲᠤᠭ ᠤᠨ ᠦᠷ᠎ᠡ ᠴᠢᠡᠭᠬᠤᠸᠠ ᠶᠡᠬᠡ ᠰᠤᠷᠭᠠᠭᠤᠯᠢ ᠳᠦ ᠬᠦᠷᠦᠰᠦᠯᠡᠨ ᠴᠡᠴᠡᠭᠯᠡᠵᠤ᠂ ᠴᠢᠡᠭᠬᠤᠸᠠ ᠶᠡᠬᠡ ᠰᠤᠷᠭᠠᠭᠤᠯᠢ ᠢᠢᠨ ᠪᠥᠵᠢᠭ ᠲᠠᠯ᠎ᠠ ᠨᠤᠲᠤᠭ ᠲᠠᠭᠠᠨ ᠪᠤᠴᠠᠨ ᠦᠨᠳᠦᠰᠦᠯᠡᠵᠤ᠂ ᠦᠪᠡᠷ ᠦᠪᠡᠷ ᠤᠨ ᠤᠷᠠᠨ ᠬᠦᠳᠡᠯᠦᠯ ᠵᠢᠡᠷ ᠵᠢᠡᠨ ᠨᠠᠬᠢᠯᠵᠠᠵᠤ ᠰᠤᠯᠤᠡᠭᠭᠠᠷᠠᠨ᠎ᠠ᠃

︽ᠣᠷᠳᠣᠰ ᠪᠥᠵᠢᠭ︾ ᠤᠨ ᠢᠷᠠᠭᠤ ᠬᠥᠭ᠍ᠵᠢᠮ ᠳᠠᠬᠢᠨᠲᠠ ᠲᠠᠭᠤᠷᠢᠰᠬᠤ ᠳᠤ᠂ ᠵᠠᠭᠤᠨ ᠵᠢᠯ ᠦᠨ ᠰᠠᠯᠬᠢ ᠰᠢᠭᠤᠷᠭ᠎ᠠ ᠪᠠ ᠨᠣᠮ ᠤᠨ ᠤᠶᠠᠡᠭᠭ᠎ᠠ᠂ ᠲᠠᠯ᠎ᠠ ᠨᠤᠳᠤᠭ ᠤᠨ ᠲᠠᠭᠤᠯᠠᠯ ᠪᠠ ᠢᠷᠠᠭᠤ ᠪᠢᠴᠢᠭᠯᠡᠯ᠂ ᠨᠤᠲᠤᠭ ᠪᠠ ᠰᠤᠷᠭᠠᠭᠤᠯᠢ ᠴᠥᠮ ᠨᠢᠭᠡ ᠯᠡ ᠴᠣᠬᠢᠯᠭ᠎ᠠ ᠢᠢᠨ ᠳᠤᠮᠳᠠ ᠴᠤᠤᠷᠢᠶᠠᠲᠤᠨᠠᠮ᠃

ᠲᠡᠷᠡ ᠪᠣᠯ ᠳᠤᠮᠳᠠᠳᠤ ᠢᠢᠨ ᠦᠨᠳᠦᠰᠦᠲᠡᠨ ᠦ ᠬᠠᠮᠲᠤ ᠢᠢᠨ ᠴᠣᠭᠴᠠ ᠢᠢᠨ ᠵᠢᠷᠦᠬᠡᠨ ᠴᠣᠬᠢᠯᠭ᠎ᠠ ᠮᠥᠨ᠃