ᠪᠤᠷᠯᠠᠨ ᠰᠢᠯᠢ ᠶ᠋ᠢᠨ ᠬᠥᠷᠥᠰᠥᠨ ᠳᠡᠭᠡᠷ᠎ᠠ
ᠪᠦᠪᠡᠶᠢᠯᠡᠭ᠍ᠳᠡᠵᠤ ᠪᠢᠳᠠ ᠥᠰᠥᠭᠰᠡᠨ
ᠪᠤᠷᠭᠠᠰᠤᠨ ᠮᠤᠷᠢ ᠪᠠᠨ ᠤᠨᠤᠭᠠᠳ
ᠪᠤᠳᠠᠩ ᠲᠤᠭᠤᠰᠤ ᠶ᠋ᠢ ᠨᠢ ᠬᠥᠳᠡᠯᠭᠡᠭᠡᠳ
ᠪᠤᠲᠠᠷᠠᠭᠤᠯᠵᠤ ᠪᠠᠶᠢᠭᠰᠠᠨ ᠨᠤᠲᠤᠭ ᠲᠤ ᠮᠢᠨᠢ
ᠪᠤᠷᠠᠨᠳᠠᠭ ᠤᠷᠤᠭᠤᠯᠵᠤ ᠵᠠᠶᠢᠳᠠᠯᠠᠮᠠᠷ
ᠪᠤᠤᠷᠠᠨ ᠲᠡᠮᠡᠭᠡ ᠰᠢᠭ
ᠪᠤᠰᠬᠠᠭ᠎ᠠ ᠦᠨᠳᠤᠷ ᠬᠠᠳᠠ ᠪᠤᠢ
ᠪᠠᠶᠢᠰᠢᠩ ᠪᠤᠯᠭᠠᠵᠤ ᠭᠡᠷᠯᠡᠮᠡᠷ
ᠪᠠᠨᠳᠠᠭᠠᠢ ᠪᠠᠭᠪᠠᠭᠠᠷ ᠬᠠᠳᠠ ᠴᠤ ᠪᠤᠢ
ᠪᠠᠭ᠎ᠠ ᠶ᠋ᠢᠨ ᠥᠰᠥᠭᠰᠡᠨ ᠨᠤᠲᠤᠭ
ᠪᠤᠯᠪᠠᠷᠠᠢ ᠨᠠᠰᠤᠨ ᠤ ᠮᠢᠨᠢ ᠳᠤᠷᠠᠳᠬᠠᠯ
ᠪᠤᠳᠤᠯ ᠠᠷᠭᠠᠮᠵᠢᠭᠰᠠᠨ ᠮᠥᠷᠥᠭᠡᠳᠥᠯ
ᠪᠤᠶᠠᠨ ᠬᠤᠷᠤᠶᠢᠯᠠᠭᠰᠠᠨ ᠨᠤᠲᠤᠭ ᠡ
ᠬᠥᠭᠡᠷᠡᠨ ᠬᠠᠷᠠᠭᠳᠠᠬᠤ ᠰᠢᠯᠢ ᠶ᠋ᠢᠨ
ᠬᠦᠵᠦᠭᠦᠦ ᠰᠡᠭᠡᠷ ᠵᠢᠡᠷ ᠪᠠᠶᠢᠷᠢᠰᠢᠭᠰᠠᠨ
ᠬᠤᠤ ᠶ᠋ᠢᠨ ᠦᠨᠳᠦᠷ ᠮᠠᠩᠬ᠎ᠠ
ᠬᠠᠳᠠᠲᠤ ᠶ᠋ᠢᠨ ᠦᠨᠳᠦᠷ ᠤᠷᠤᠢ
ᠵᠡᠭᠡᠷᠭᠡᠨᠡᠲᠦ ᠶ᠋ᠢᠨ ᠳᠡᠭᠰᠢᠬᠡᠨ ᠲᠠᠯ᠎ᠠ
ᠲᠤᠩᠭᠠᠯᠠᠭ ᠤᠨ ᠤᠪᠤᠭᠠᠨ ᠤ ᠦᠨᠳᠦᠷᠯᠢᠭ
ᠲᠡᠭᠥᠨ ᠦ ᠬᠠᠵᠠᠭᠤ ᠪᠠᠷ ᠵᠡᠷᠭᠡᠴᠡᠭᠰᠠᠡ
ᠳᠤᠯᠤᠭᠠᠨ ᠱᠤᠷᠤᠩ ᠤᠨ ᠮᠠᠩᠬ᠎ᠠ
ᠲᠡᠳᠡᠭᠡᠷ ᠦᠨ ᠡ᠊ᠩᠭᠡᠷ ᠬᠤᠷᠮᠤᠢ ᠳ᠋ᠤᠨᠢ
ᠵᠡᠷᠯᠢᠭ ᠶᠠᠰᠢᠯ ᠵᠢᠭᠳᠡᠷᠡᠨ ᠤᠷᠭᠤᠭᠠᠳ
ᠵᠢᠭᠦᠷᠲᠡᠨ ᠰᠢᠪᠠᠭᠤᠳ ᠡᠭᠦᠷᠯᠡᠨ ᠰᠠᠭᠤᠭᠠᠳ
ᠵᠢᠷᠭᠢᠨ ᠳᠤᠩᠭᠤᠳᠤᠳᠠᠭ ᠪᠠᠶᠢᠭᠰᠠᠨ
ᠵᠢᠭᠲᠡᠢ ᠰᠠᠶᠢᠬᠠᠨ ᠰᠢᠯᠢ ᠳ᠋ᠤᠨᠢ
ᠵᠢᠰᠤ ᠦᠩᠭᠡ ᠨᠢ ᠬᠤᠪᠢᠷᠠᠳᠠᠭ ᠦᠭᠡᠢ
ᠦᠶᠡᠲᠤ ᠵᠡᠭᠡᠷᠭᠡᠨ᠎ᠡ ᠬᠠᠯᠢᠭᠤᠷᠠᠭᠰᠠᠨ
ᠥᠩᠰᠡᠭ ᠰᠠᠶᠢᠬᠠᠨ ᠰᠢᠯᠢ
ᠦᠷᠭᠡᠨ ᠲᠠᠩᠰᠤᠭ ᠪᠡᠯᠴᠢᠭᠡᠷ ᠳᠡᠭᠡᠷ᠎ᠡ
ᠦᠶ᠎ᠡ ᠤᠯᠠᠷᠢᠨ ᠠᠵᠤ ᠲᠦᠷᠦᠨ
ᠤᠷᠤᠰᠢᠨ ᠳᠤᠭᠲᠠᠨᠢᠵᠤ ᠪᠠᠶᠢᠭᠰᠠᠨ
ᠤᠰᠠᠩ ᠲᠠᠯᠪᠢᠭᠠᠴᠢ ᠶ᠋ᠢᠨ ᠠᠷᠤ ᠳᠤ
ᠦᠶᠡᠷ ᠤᠨ ᠬᠤᠡᠭᠬᠢᠯ ᠤᠨ ᠬᠥᠪᠡᠭᠡᠨ ᠳᠦ
ᠠᠷᠭᠠᠯ ᠤᠨ ᠴᠤᠭ ᠲᠠᠢ ᠰᠢᠪᠠᠷ ᠭᠡᠷ ᠲᠦ
ᠠᠪᠤ ᠡᠵᠢ ᠶ᠋ᠢᠨ ᠠᠴᠢ ᠪᠤᠶᠠᠨ ᠵᠢᠡᠷ
ᠠᠭᠤᠤ ᠨᠠᠮ ᠤᠨ ᠬᠠᠶᠢᠷ᠎ᠠ ᠬᠠᠯᠠᠮᠵᠢ ᠪᠠᠷ
ᠠᠬ᠎ᠠ ᠡᠭᠡᠴᠢ ᠳᠡᠭᠦᠦ ᠠᠷᠪᠠᠭᠤᠯᠠ ᠪᠠᠨ
ᠠᠵᠤ ᠲᠥᠷᠥᠨ ᠠᠮᠢᠳᠤᠷᠠᠵᠤ
ᠠᠮᠤᠷ ᠮᠡᠨᠳᠦ ᠪᠤᠶᠢᠵᠢᠭᠰᠠᠨ
ᠮᠥᠯᠬᠦᠵᠤ ᠲᠤᠷᠨᠢᠭᠰᠠᠨ ᠮᠥᠩᠭᠥᠨ ᠰᠢᠷᠤᠢ
ᠠᠯᠬᠤᠵᠤ ᠶᠠᠪᠤᠭᠰᠠᠨ ᠠᠯᠲᠠᠨ ᠰᠢᠷᠤᠢ
ᠨᠠᠭᠠᠳᠴᠤ ᠲᠤᠭᠯᠠᠭᠰᠠ ᠨᠠᠨᠳᠢᠨ ᠰᠢᠷᠤᠢ
ᠬᠠᠲᠠᠭᠤᠵᠢᠵᠤ ᠪᠤᠯᠪᠠᠰᠤᠷᠠᠭᠰᠠᠨ ᠬᠠᠯᠠᠭᠤᠨ ᠰᠢᠷᠤᠢ
ᠬᠥᠬᠡ ᠲᠡᠭᠷᠢ ᠶ᠋ᠢᠨ ᠳᠤᠤᠷᠠᠬᠢ ᠬᠥᠷᠥᠰᠥᠲᠦ ᠰᠢᠷᠤᠢ
ᠬᠦᠪᠴᠢᠨ ᠬᠠᠩᠭᠠᠢ ᠶ᠋ᠢᠨ ᠳᠡᠭᠡᠷᠡᠭᠢ ᠰᠢᠮᠡᠲᠤ ᠰᠢᠷᠥᠢ
ᠬᠥᠭᠡᠷᠡᠵᠤ ᠨᠤᠭᠤᠭᠠᠷᠠᠬᠤ ᠤᠢ ᠶ᠋ᠢᠨ ᠪᠠᠯᠠᠷ
ᠬᠦᠰᠡᠯ ᠳᠠᠯᠠᠯᠤᠭᠰᠠᠨ ᠳᠠᠷᠬᠠᠨ ᠦᠯᠥᠭᠡᠢ᠃