︽ᠬᠠᠮᠲᠤ ᠪᠠᠷ ᠢᠶᠠᠨ ᠰᠶᠢᠳᠪᠦᠷᠢ ᠭᠠᠷᠭᠠᠭᠰᠠᠨ︾ ᠭᠡᠳᠡᠭ ᠨᠢ ᠲᠣᠭᠲᠠᠭᠠᠯ ᠢ ᠵᠦᠷᠢᠴᠡᠬᠦ ᠰᠢᠯᠲᠠᠭᠠᠨ ᠪᠢᠰᠢ

 ᠄ 2025-06-08 10:19:04

 ︽ᠲᠣᠭ᠎ᠠ ᠬᠡᠮᠵᠢᠶ᠎ᠡ ᠨᠢ ᠶᠡᠬᠡ ᠪᠢᠰᠢ ︿ᠵᠦᠳᠡᠷᠡᠯ ᠦᠨ ᠰᠦᠢᠳᠭᠡᠯ﹀ ᠳᠠᠷᠬᠠᠭᠠᠵᠠᠢ᠃ ᠲᠡᠷᠡ ᠮᠥᠷᠲᠡᠭᠡᠨ ᠳᠡᠭᠡᠳᠦ ᠱᠠᠲᠤᠨ ᠤ ᠬᠤᠷᠠᠯ ᠵᠢᠡᠷ ᠳᠠᠮᠵᠢᠵᠤ ᠳᠤᠭᠲᠠᠭᠠᠭᠰᠠᠨ ᠪᠣᠯᠬᠣᠷ ᠠᠰᠠᠭᠤᠳᠠᠯ ᠭᠠᠷᠬᠤ ᠦᠭᠡᠢ ᠭᠡᠵᠦ ᠪᠤᠳᠤᠵᠤ ᠪᠠᠶᠢᠭᠰᠠᠨ ᠶᠤᠮ᠃ ᠭᠡᠲᠡᠯ᠎ᠡ ᠤᠳᠤ ᠤᠯᠠᠭᠠᠨ ᠱᠤᠭᠤᠮ ᠢ ᠬᠦᠨᠳᠡᠵᠦ᠂ ᠶᠠᠮᠠᠷ︿ᠬᠠᠮᠠᠭᠠᠯᠠᠯᠲᠠ﹀ ᠡᠷᠢᠭᠰᠡᠨ ᠴᠸ ᠬᠡᠷᠡᠭ ᠦᠭᠡᠢ ᠭᠡᠳᠡᠭ ᠢ ᠰᠠᠶ᠋ᠢ ᠮᠡᠳᠡᠯ᠎ᠡ︾ ᠭᠡᠵᠦ ᠶᠦᠨᠨᠠᠨ ᠮᠤᠵᠢ ᠢᠢᠨ ᠡᠣ ᠳ᠋ᠢᠩ ᠰᠢᠶᠠᠨ ᠤ ᠨᠢᠭᠡᠨ ᠰᠠᠯᠠᠭ᠎ᠠ ᠮᠥᠴᠢᠷ ᠦᠨ ᠬᠣᠯᠪᠣᠭᠳᠠᠯ ᠪᠦᠬᠦᠢ ᠬᠠᠷᠢᠭᠤᠴᠠᠯᠭᠠᠲᠠᠨ ᠶᠠᠩ ᠣᠪᠣᠭᠲᠤ ᠥᠪᠡᠷ ᠦᠨ ᠬᠢᠭ᠍ᠰᠡᠨ ᠦᠢᠯᠡ ᠠᠵᠢᠯᠯᠠᠭ᠎ᠠ ᠳᠠᠭᠠᠨ ᠲᠤᠶᠢᠯ ᠢᠶᠠᠷ ᠭᠡᠮᠰᠢᠨ ᠬᠠᠷᠠᠮᠰᠠᠵᠤ ᠪᠠᠶᠢᠪᠠ᠃

2024 ᠣᠨ ᠤ ᠵᠢᠯ ᠦᠨ ᠰᠡᠭᠦᠯᠴᠢ ᠪᠡᠷ᠂ ᠡᠣ ᠳ᠋ᠢᠩ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠤᠷᠢᠶ᠎ᠠ ᠬᠢᠨᠠᠨ ᠪᠠᠶᠢᠴᠠᠭᠠᠬᠤ ᠵᠥᠪᠯᠡᠯ ᠡᠣ ᠳ᠋ᠢᠩ ᠰᠢᠶᠠᠨ ᠤ ᠼᠠᠢ ᠶᠤᠸᠠᠨ ᠾᠧ ᠵᠢᠤ ᠴᠠᠩ ᠵᠶᠢ ᠪᠠᠯᠭᠠᠰᠤᠨ ᠤ ᠬᠡᠰᠡᠭ ᠦᠨ ᠭᠣᠣᠯ ᠤᠨ ᠵᠠᠮ ᠢ ᠵᠠᠰᠠᠬᠤ ᠢᠨᠵᠧᠨᠧᠷᠢᠩ ᠦᠨ ᠪᠦᠳᠦᠭᠡᠨ ᠪᠠᠶᠢᠭᠤᠯᠤᠯᠲᠠ ᠢᠢᠨ ᠬᠠᠮᠢᠶᠠᠷᠤᠯᠲᠠ ᠢᠢᠨ ᠳᠤᠪᠴᠢᠶ᠎ᠠ᠂ ᠰᠢᠨ ᠼᠦᠨ ᠲᠣᠰᠬᠣᠨ ᠤ ᠴᠥᠭᠥᠷᠥᠮ ᠦᠨ ᠠᠶᠤᠯ ᠢ ᠠᠷᠢᠯᠭᠠᠨ ᠪᠡᠬᠢᠵᠢᠭᠦᠯᠬᠦ ᠢᠨᠵᠧᠨᠧᠷᠢᠩ ᠦᠨ ᠪᠦᠳᠦᠭᠡᠨ ᠪᠠᠶᠢᠭᠤᠯᠤᠯᠲᠠ ᠢᠢᠨ ᠬᠠᠮᠢᠶᠠᠷᠤᠯᠲᠠ ᠢᠢᠨ ᠳᠤᠪᠴᠢᠶ᠎ᠠ ᠳᠤ ᠬᠡᠪ ᠦᠨ ᠪᠤᠰᠤ ᠳᠠᠩᠰᠠ ᠬᠠᠷ᠎ᠠ ᠣᠷᠣᠰᠢᠵᠤ ᠪᠠᠶᠢᠬᠤ ᠰᠦᠪᠡᠭᠴᠢ ᠵᠢ ᠤᠯᠵᠠᠢ᠃ ᠰᠢᠶᠠᠨ ᠤ ᠰᠠᠬᠢᠯᠭ᠎ᠠ ᠪᠠᠲᠤ ᠪᠠᠶᠢᠴᠠᠭᠠᠬᠤ ᠬᠣᠷᠢᠶ᠎ᠠ ᠬᠢᠨᠠᠨ ᠪᠠᠶᠢᠴᠠᠭᠠᠬᠤ ᠵᠥᠪᠯᠡᠯ ᠡᠴᠡ ᠳᠠᠩᠰᠠ ᠳᠡᠭᠡᠷᠡᠬᠢ ᠣᠯᠠᠨ ᠵᠠᠷᠤᠯᠭ᠎ᠠ ᠨᠢ ᠨᠡᠷ᠎ᠡ ᠳᠡᠭᠡᠷ᠎ᠡ ᠪᠡᠨ ᠴᠥᠮ ︽ᠬᠥᠳᠡᠯᠮᠦᠷᠢ ᠢᠢᠨ ᠬᠠᠮᠠᠭᠠᠯᠠᠯᠲᠠ ᠢᠢᠨ ᠬᠡᠷᠡᠭ᠍ᠰᠡᠯ  ᠢ ᠲᠦᠭᠡᠭᠡᠵᠦ ᠦᠭᠴᠡᠢ︾ ᠭᠡᠰᠡᠨ ᠢ ᠪᠠᠶᠢᠴᠠᠭᠠᠨ ᠤᠯᠵᠤ᠂ ᠡᠳ᠋ ᠬᠥᠷᠥᠩᠭᠡ ᠢᠢᠨ ᠳᠠᠩᠰᠠᠨ ᠳᠤ ᠣᠷᠣᠭᠤᠯᠤᠭᠰᠠᠨ ᠪᠠᠶᠢᠳᠠᠯ ᠢ ᠨᠠᠷᠢᠨ ᠬᠠᠷᠭᠤᠭᠤᠯᠵᠤ᠂ ᠬᠣᠯᠪᠣᠭᠳᠠᠯ ᠪᠦᠬᠦᠢ ᠬᠥᠮᠦᠰ ᠡᠴᠡ ᠯᠠᠪᠯᠠᠨ ᠠᠰᠠᠭᠤᠭᠰᠠᠨ ᠪᠣᠯᠪᠠᠴᠤ ᠡᠳᠡᠭᠡᠷ ᠬᠡᠷᠡᠭ᠍ᠰᠡᠯ ᠦᠨ ᠪᠠᠷ᠎ᠠ ᠢᠢ ᠡᠷᠢᠵᠦ ᠣᠯᠤᠭᠰᠠᠨ ᠦᠭᠡᠶ᠃

ᠲᠡᠭᠡᠪᠡᠯ ᠡᠨᠡ ᠵᠣᠭᠣᠰ ᠢ ᠬᠠᠮᠢᠭ᠎ᠠ ᠵᠠᠷᠤᠭᠰᠠᠨ ᠪᠤᠢ︖

2019 ᠣᠨ ᠤ 12 ᠰᠠᠷ᠎ᠠ ᠠᠴᠠ 2022 ᠣᠨ ᠤ 12 ᠰᠠᠷ᠎ᠠ ᠪᠣᠯᠲᠠᠯ᠎ᠠ᠂ ᠶᠠᠩ ᠣᠪᠣᠭᠲᠤ ᠡᠨᠡ ᠬᠣᠶᠠᠷ ᠢᠨᠵᠧᠨᠧᠷᠢᠩ ᠦᠨ ᠲᠥᠷᠥᠯ ᠵᠦᠢᠯ ᠢ ᠳᠥᠯᠭᠢᠨ ᠠᠬᠢᠭᠤᠯᠬᠤ ᠠᠵᠢᠯ ᠢ ᠬᠠᠷᠢᠭᠤᠴᠠᠵᠤ ᠪᠠᠶᠢᠪᠠ᠃ ᠰᠠᠬᠢᠯᠭ᠎ᠠ ᠪᠠᠲᠤ ᠪᠠᠶᠢᠴᠠᠭᠠᠬᠤ ᠬᠢᠨᠠᠨ ᠪᠠᠶᠢᠴᠠᠭᠠᠬᠤ ᠺᠠᠳ᠋ᠷ ᠲᠡᠭᠦᠨ ᠢ ᠡᠷᠢᠵᠦ ᠤᠴᠢᠪᠠ᠃ ︽ᠴᠥᠮ ᠬᠥᠳᠡᠯᠮᠦᠷᠢ ᠢᠢᠨ ᠬᠠᠮᠠᠭᠠᠯᠠᠯᠲᠠ ᠢᠢᠨ ᠬᠡᠷᠡᠭ᠍ᠰᠡᠯ ᠢ ᠲᠦᠭᠡᠭᠡᠵᠦ ᠦᠭᠴᠡᠢ᠂ ᠡᠭᠦᠨ ᠢ ᠬᠤᠷᠠᠯ ᠳᠡᠭᠡᠷ᠎ᠡ ᠰᠤᠳᠤᠯᠵᠤ ᠲᠣᠭᠲᠠᠭᠠᠭᠰᠠᠨ ᠶᠤᠮ︾ ᠭᠡᠵᠦ ᠶᠠᠩ ᠣᠪᠣᠭᠲᠤ ᠲᠠᠶᠢᠯᠪᠤᠷᠢᠯᠠᠪᠠ᠃ ︽ᠲᠡᠭᠡᠪᠡᠯ ᠡᠳᠡᠭᠡᠷ ᠬᠡᠷᠡᠭ᠍ᠰᠡᠯ ᠢ ᠬᠠᠮᠢᠭ᠎ᠠ ᠠᠴᠠ ᠬᠤᠳᠠᠯᠳᠤᠨ ᠠᠪᠴᠤ ᠶᠠᠮᠠᠷ ᠬᠥᠮᠦᠨ ᠳᠦ ᠥᠭ᠍ᠭᠦᠭ᠍ᠰᠡᠨ ᠪᠣᠢ︖ ᠬᠣᠯᠪᠣᠭᠳᠠᠯ ᠪᠦᠬᠦᠢ ᠲᠡᠮᠳᠡᠭ᠍ᠯᠡᠯ ᠪᠤᠶᠤ ᠭᠡᠷᠡᠴᠢ ᠪᠠᠷᠢᠮᠲᠠ ᠪᠠᠶᠢᠨ᠎ᠠ ᠦᠦ︖︾ ᠁ ᠁ ᠪᠠᠶᠢᠴᠠᠭᠠᠯᠲᠠ ᠪᠠᠷ ᠳᠡᠮᠵᠢᠨ᠂ ᠶᠠᠩ ᠣᠪᠣᠭᠲᠤ 2019 ᠣᠨ ᠤ 12 ᠰᠠᠷ᠎ᠠ ᠢᠢᠨ 20  ᠤ ᠡᠳᠦᠷ᠂ 2020 ᠣᠨ ᠤ 9 ᠰᠠᠷ᠎ᠠ ᠢᠢᠨ 25 ᠤ ᠡᠳᠦᠷ ᠲᠣᠰ ᠲᠣᠰ ᠠᠵᠢᠯᠲᠠᠨ ᠠᠵᠢᠯᠴᠢᠨ ᠤ ᠬᠤᠷᠠᠯ ᠢ ᠡᠷᠭᠢᠯᠡᠨ ᠬᠤᠷᠠᠯᠳᠤᠭᠤᠯᠵᠤ᠂ ᠠᠵᠢᠯᠲᠠᠨ ᠠᠵᠢᠯᠴᠢᠨ ᠳᠤ︽ᠬᠥᠳᠡᠯᠮᠦᠷᠢ ᠢᠢᠨ ᠬᠠᠮᠠᠭᠠᠯᠠᠯᠲᠠ ᠢᠢᠨ ᠬᠡᠷᠡᠭ᠍ᠰᠡᠯ︾ᠣᠯᠭᠣᠬᠤ ᠪᠠᠷ ᠰᠤᠳᠤᠯᠤᠨ ᠲᠣᠭᠲᠠᠭᠠᠭᠠᠳ 10500 ᠲᠥᠭᠥᠷᠢᠭ ᠦᠨ ᠵᠠᠷᠤᠯᠭ᠎ᠠ ᠭᠠᠷᠭᠠᠵᠠᠶ᠃ ᠬᠡᠷᠡᠭ ᠳᠡᠭᠡᠷ᠎ᠡ ᠪᠡᠨ ᠡᠨᠡ ᠵᠣᠭᠣᠰ ᠢ ᠬᠣᠯᠪᠣᠭᠳᠠᠯ ᠪᠦᠬᠦᠢ ᠡᠳ᠋ ᠪᠣᠳᠠᠰ ᠢ ᠬᠤᠳᠠᠯᠳᠤᠨ ᠠᠪᠬᠤ ᠳᠤ ᠬᠡᠷᠡᠭ᠍ᠯᠡᠭ᠍ᠰᠡᠨ ᠦᠭᠡᠶ ᠬᠠᠷᠢᠨ ᠬᠡᠰᠡᠭ ᠠᠵᠢᠯᠲᠠᠨ ᠠᠵᠢᠯᠴᠢᠨ ᠳᠤ ᠰᠢᠭᠤᠳ ᠭᠠᠷᠳᠠᠭᠤᠯᠵᠤ᠂ ᠬᠥᠮᠦᠨ ᠪᠦᠷᠢ ᠳᠦ 300 ᠲᠥᠭᠥᠷᠢᠭ ᠡᠴᠡ 500 ᠲᠥᠭᠥᠷᠢᠭ ᠦᠨ ᠵᠣᠭᠣᠰ ᠦᠭᠴᠡᠢ᠃︽ᠣᠯᠠᠨ ᠢ ᠬᠠᠪᠰᠤᠷᠴᠤ ᠬᠠᠷᠠᠭᠠᠯᠵᠠᠯ ᠢ ᠨᠢ ᠰᠠᠶᠢᠵᠢᠷᠠᠭᠤᠯᠤᠨ᠎ᠠ︾ᠭᠡᠰᠡᠨ ᠵᠤᠷᠢᠯᠭ᠎ᠠ ᠡᠴᠡ ᠢᠩᠬᠢᠵᠦ ᠬᠢᠭᠰᠡᠨ ᠶᠤᠮ᠃ ᠰᠢᠨ ᠼᠦᠨ ᠳᠤᠰᠬᠤᠨ ᠤ ᠤᠰᠤᠨ ᠴᠥᠭᠥᠷᠥᠮ ᠦᠨ ᠠᠶᠤᠯ ᠢ ᠠᠷᠢᠯᠭᠠᠨ ᠪᠡᠬᠢᠯᠡᠬᠦ ᠢᠨᠵᠧᠨᠧᠷᠢᠩ ᠢ ᠬᠡᠷᠡᠭ᠍ᠵᠢᠭᠦᠯᠵᠦ ᠪᠠᠶᠢᠭ᠎ᠠ ᠬᠤᠭᠤᠴᠠᠭᠠᠨ ᠳᠤ᠂ ᠶᠠᠩ ᠣᠪᠣᠭᠲᠤ ᠪᠠᠰᠠ ᠠᠳᠠᠯᠢᠬᠠᠨ ᠠᠷᠭ᠎ᠠ ᠢᠢ ᠬᠡᠷᠡᠭ᠍ᠯᠡᠵᠦ᠂ 3 ᠤᠳᠠᠭ᠎ᠠ ᠬᠤᠪᠢᠶᠠᠨ 27 ᠬᠥᠮᠦᠨ ᠤᠳᠠᠭ᠎ᠠ ᠳᠤ 10125 ᠲᠥᠭᠥᠷᠢᠭ ᠳᠠᠷᠬᠠᠭᠠᠰᠠᠨ ᠭᠡᠰᠡᠨ ᠢ ᠢᠯᠡᠷᠡᠭᠦᠯᠪᠡ᠃

︽ᠡᠨᠡ ᠪᠣᠯ ᠬᠥᠳᠡᠯᠮᠦᠷᠢ ᠢᠢᠨ ᠬᠠᠮᠠᠭᠠᠯᠠᠯᠲᠠ ᠢᠢᠨ ᠬᠡᠷᠡᠭ᠍ᠰᠡᠯ ᠢ ᠬᠤᠳᠠᠯᠳᠤᠨ ᠠᠪᠬᠤ ᠨᠡᠷ᠎ᠡ ᠪᠡᠷ ᠨᠥᠬᠥᠪᠥᠷᠢ ᠮᠥᠩᠭᠥ ᠢᠢ ᠳᠤᠷ᠎ᠠ ᠪᠠᠷ ᠢᠶᠠᠨ ᠣᠯᠭᠣᠵᠤ᠂ ᠵᠠᠷᠤᠳᠠᠯ ᠢ ᠮᠡᠬᠡᠯᠡᠨ ᠠᠪᠴᠤ ᠨᠥᠬᠥᠪᠥᠷᠢ ᠮᠥᠩᠭᠥ ᠪᠤᠶᠤ ᠠᠰᠠᠷᠠᠮᠵᠢ ᠢᠢ ᠳᠤᠷ᠎ᠠ ᠪᠠᠷ ᠢᠶᠠᠨ ᠣᠯᠭᠣᠵᠤ ᠪᠠᠶᠢᠭ᠎ᠠ ᠬᠡᠷᠡᠭ ᠪᠤᠯᠤᠨ᠎ᠠ᠃ ᠡᠨᠡ ᠨᠢ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠢᠢ ᠵᠥᠷᠢᠴᠡᠵᠦ ᠪᠠᠶᠢᠭ᠎ᠠ ᠶᠠᠪᠤᠳᠠᠯ ᠮᠥᠨ᠃ ᠶᠠᠩ ᠣᠪᠣᠭᠲᠤ ᠬᠡᠳᠦᠢᠪᠡᠷ ᠤᠳᠠᠭ᠎ᠠ ᠪᠦᠷᠢ ᠠᠵᠢᠯᠲᠠᠨ ᠠᠵᠢᠯᠴᠢᠨ ᠤ ᠬᠤᠷᠠᠯ ᠢᠶᠠᠷ ᠳᠠᠮᠵᠢᠨ ᠶᠠᠷᠢᠯᠴᠠᠬᠤ ᠬᠡᠯᠪᠡᠷᠢ ᠪᠡᠷ ᠡᠨᠡ ᠬᠦ ᠰᠶᠢᠳᠪᠦᠷᠢ  ᠵᠢ ᠳᠤᠭᠲᠠᠭᠠᠭᠰᠠᠨ ᠪᠣᠯᠪᠠᠴᠤ ᠬᠡᠷᠡᠭ ᠦᠨ ᠰᠢᠨᠵᠢ ᠴᠢᠨᠠᠷ ᠢ ᠬᠤᠪᠢᠷᠠᠭᠤᠯᠵᠤ ᠴᠢᠳᠠᠬᠤ ᠦᠭᠡᠶ ᠶᠤᠮ︾ ᠭᠡᠵᠦ ᠬᠡᠷᠡᠭ ᠰᠢᠳᠭᠡᠭ᠍ᠴᠢ ᠬᠡᠯᠡᠪᠡ᠃

ᠡᠴᠦᠰ ᠲᠡᠬᠡᠨ ᠶᠠᠩ ᠣᠪᠣᠭᠲᠤ ᠳᠤ ᠵᠠᠰᠠᠭ ᠤᠨ ᠶᠠᠪᠤᠳᠠᠯ ᠤᠨ ᠣᠰᠣᠯ ᠲᠡᠮᠳᠡᠭ᠍ᠯᠡᠬᠦ ᠰᠢᠢᠳᠭᠡᠯ ᠥᠭ᠍ᠴᠦ᠂ ᠪᠤᠰᠤᠳ ᠬᠣᠯᠪᠣᠭᠳᠠᠯ ᠪᠥᠬᠥᠶ ᠬᠥᠮᠦᠰ ᠲᠦ ᠰᠢᠭᠦᠮᠵᠢᠯᠡᠯ ᠬᠥᠮᠦᠵᠢᠯ ᠭᠥᠷᠳᠡᠭᠡᠵᠦ᠂ ᠲᠣᠭᠲᠠᠭᠠᠯ ᠠᠴᠠ ᠵᠥᠷᠢᠴᠡᠨ ᠣᠯᠭᠣᠭᠰᠠᠨ ᠨᠡᠶᠢᠲᠡ 20625 ᠲᠥᠭᠥᠷᠢᠭ ᠦᠨ ᠨᠥᠬᠥᠪᠥᠷᠢ ᠮᠥᠩᠭᠥ ᠢᠢ ᠨᠢᠭᠡᠨᠲᠡ ᠪᠦᠬᠦᠨ ᠢ ᠬᠤᠷᠢᠶᠠᠵᠤ ᠠᠪᠴᠠᠶ᠃

ᠶᠠᠮᠠᠷ ᠶᠠᠮᠠᠷ ᠠᠰᠠᠷᠠᠮᠵᠢ ᠢᠢᠨ ᠨᠥᠬᠥᠪᠥᠷᠢ ᠮᠥᠩᠭᠥ ᠢᠢ ᠣᠯᠭᠣᠵᠤ ᠪᠣᠯᠬᠤ᠂ ᠶᠠᠭᠠᠬᠢᠵᠤ ᠣᠯᠭᠣᠪᠠᠯ ᠵᠣᠬᠢᠬᠤ ᠲᠤᠬᠠᠶ ᠴᠥᠮ ᠲᠣᠭᠲᠠᠭᠠᠯ ᠢ ᠴᠢᠩᠭ᠎ᠠ ᠵᠢᠷᠤᠮᠯᠠᠬᠤ ᠬᠡᠷᠡᠭ᠍ᠲᠡᠶ᠃ ᠳᠤᠷ᠎ᠠ ᠪᠠᠷ ᠢᠶᠠᠨ ᠠᠯᠪᠠᠨ ᠤ ᠪᠡᠯᠡ ᠮᠥᠩᠭᠥ ᠵᠢ ᠨᠡᠭᠦᠯᠭᠡᠨ︽ᠤᠯᠠᠨ ᠢ ᠲᠣᠬᠣᠨᠢᠭᠤᠯᠵᠤ︾ ᠪᠠᠶᠢᠭ᠎ᠠ ᠨᠢ ᠬᠡᠷᠡᠭ ᠳᠡᠭᠡᠷ᠎ᠡ ᠪᠡᠨ ᠨᠡᠶᠢᠲᠡ ᠢᠢ ᠬᠣᠬᠢᠷᠠᠭᠤᠯᠵᠤ ᠬᠤᠪᠢ ᠪᠠᠨ ᠪᠣᠷᠳᠣᠵᠤ ᠪᠠᠶᠢᠬᠤ ᠢᠢᠨ ᠢᠯᠡᠷᠡᠯ ᠮᠥᠨ᠃ ︽ᠬᠠᠮᠲᠤ ᠪᠠᠷ ᠪᠤᠳᠤᠯᠭ᠎ᠠ ᠲᠣᠭᠲᠠᠭᠠᠬᠤ︾ ᠵᠢᠷᠤᠮ ᠨᠢ ᠲᠣᠭᠲᠠᠭᠠᠯ ᠢ ᠵᠥᠷᠢᠴᠡᠨ ᠰᠢᠢᠳᠪᠦᠷᠢᠲᠦ ᠪᠤᠳᠤᠯᠭ᠎ᠠ ᠲᠣᠭᠲᠠᠭᠠᠬᠤ ᠢᠢᠨ ᠮᠥᠨ ᠴᠢᠨᠠᠷ ᠢ ᠬᠤᠪᠢᠷᠠᠭᠤᠯᠵᠤ ᠴᠢᠳᠠᠬᠤ ᠦᠭᠡᠢ᠂ ᠲᠡᠭᠦᠨ ᠢᠶᠡᠷ ᠰᠢᠯᠲᠠᠭᠠᠨ ᠪᠣᠯᠭᠠᠵᠤ ᠪᠣᠯᠬᠤ ᠦᠭᠡᠢ᠃ ᠨᠠᠮ ᠤᠨ ᠭᠡᠰᠢᠭᠦᠨ ᠺᠠᠳ᠋ᠷ ᠰᠠᠬᠢᠯᠭ᠎ᠠ ᠪᠠᠲᠤ ᠬᠠᠤᠯᠢ ᠴᠠᠭᠠᠵᠠ ᠢᠢᠨ ᠤᠬᠠᠮᠰᠠᠷ ᠢᠶᠠᠨ ᠴᠢᠩᠭᠠᠳᠬᠠᠵᠤ᠂ ᠡᠷᠬᠡ ᠪᠡᠨ ᠵᠥᠪ ᠬᠡᠷᠡᠭ᠍ᠵᠢᠭᠦᠯᠵᠦ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠢᠢ ᠭᠦᠨᠵᠡᠭᠡᠢ ᠲᠤᠭᠤᠰᠢᠯᠠᠭᠤᠯᠬᠤ ᠬᠡᠷᠡᠭ᠍ᠲᠡᠢ᠂ ᠠᠯᠪᠠᠨ ᠤ ᠡᠳ᠋ ᠬᠦᠷᠦᠩᠭᠡ ᠪᠡᠷ ᠬᠤᠪᠢ ᠢᠢᠨ ᠠᠰᠢᠭ ᠲᠤᠰᠠ ᠪᠠᠨ ᠬᠠᠩᠭᠠᠵᠤ ᠶᠠᠭᠠᠬᠢᠭᠰᠠᠨ ᠴᠤ ᠪᠣᠯᠬᠤ ᠦᠭᠡᠢ᠂ ᠬᠠᠮᠲᠤ ᠢᠢᠨ ᠰᠢᠢᠳᠪᠦᠷᠢᠲᠦ ᠪᠤᠳᠤᠯᠭ᠎ᠠ ᠢᠢ ᠳᠤᠷ᠎ᠠ ᠪᠠᠷ ᠢᠶᠠᠨ ᠬᠡᠷᠡᠭ᠍ᠯᠡᠵᠦ ᠬᠤᠪᠢ ᠢᠢᠨ ᠵᠣᠷᠢᠯᠭ᠎ᠠ ᠳᠠᠭᠠᠨ ᠦᠢᠯᠡᠴᠢᠯᠡᠵᠦ ᠴᠦ ᠪᠣᠯᠬᠤ ᠦᠭᠡᠢ ᠭᠡᠵᠦ ᠰᠠᠬᠢᠯᠭ᠎ᠠ ᠪᠠᠲᠤ ᠵᠢ ᠬᠡᠷᠡᠭ᠍ᠵᠢᠭᠦᠯᠦᠭ᠍ᠴᠢ ᠬᠡᠯᠡᠪᠡ᠃ ︵ᠬᠣ᠋ ᠰᠢᠶᠤᠤ ᠬᠤᠸᠠ︶