ᠲᠡᠭ᠍ᠷᠢ ᠠᠭᠤᠯᠠᠨ ᠤ ᠴᠠᠰᠤᠨ ᠯᠢᠩᠬᠤ᠎ᠠ ᠨᠠᠷᠠ ᠬᠤᠷ᠎ᠠ ᠶ᠋ᠢᠨ ᠢᠪᠡᠭᠡᠯ ᠳ᠋ᠡᠭᠡᠨ
ᠳᠤᠷᠤᠨ᠎ᠠ ᠵᠦᠭ ᠤᠨ ᠦᠷ ᠤᠨ ᠰᠠᠴᠤᠷᠠᠭ ᠢᠶᠠᠷ ᠮᠦᠰᠢᠶᠡᠨ ᠳᠡᠯᠭᠡᠷᠡᠳᠡᠭ
ᠥᠯᠥᠭᠡᠢ ᠨᠤᠲᠤᠭ ᠲᠠᠭᠠᠨ ᠴᠤᠤᠷᠢᠶᠠᠯᠠᠭᠰᠠᠨ ᠲᠥᠷᠥᠯᠬᠢ ᠮᠢᠨᠤ ᠲᠥᠯ ᠤᠨ ᠳᠠᠭᠤᠨ
ᠡᠬᠡ ᠣᠷᠣᠨ ᠳ᠋ᠠᠭᠠᠨ ᠡᠷᠭᠦᠬᠦ ᠠᠴᠢ ᠲᠠᠯᠠᠷᠬᠠᠯ ᠤᠨ ᠲᠣᠷᠭᠠᠨ ᠭᠦᠭ
ᠠᠯᠲᠠᠢ ᠶ᠋ᠢᠨ ᠨᠢᠷᠤᠭᠤᠳ ᠤᠨ ᠰᠦᠯᠳᠡ ᠤᠷᠭᠢᠯ ᠢ ᠮᠡᠯᠮᠡᠢ ᠳ᠋ᠡᠭᠡᠨ ᠴᠡᠴᠡᠭᠡᠢᠯᠡᠵᠦ
ᠠᠯᠲᠠᠨ ᠬᠢᠩᠭᠠᠨ ᠤ ᠨᠣᠶᠠᠨ ᠰᠠᠷᠢᠳᠠᠭ ᠢ ᠥᠷᠥᠴᠡᠨ ᠳ᠋ᠡᠭᠡᠨ ᠰᠤᠳᠠᠰᠤᠯᠠᠬᠤ ᠪᠠᠷ
ᠡᠵᠢ ᠶ᠋ᠢᠨ ᠪᠦᠪᠡᠢ ᠲᠠᠢ ᠵᠤᠰᠠᠯᠠᠩ ᠤᠨ ᠳᠡᠨᠵᠢᠨᠡ ᠡ᠊ᠩᠭᠦᠷᠡᠢᠯᠡᠭ᠍ᠳᠡᠨ ᠥᠰᠴᠦ
ᠡᠬᠡ ᠣᠷᠣᠨ ᠤ ᠪᠠᠨ ᠢᠮᠠᠬᠤ ᠰᠢᠷᠣᠢ ᠳ᠋ᠤ ᠴᠡᠴᠡᠭ᠍ᠯᠡᠬᠦ ᠨᠠᠬᠢᠶ᠎ᠠ ᠮᠢᠨᠤ ᠮᠢᠨᠳᠠᠰᠤᠨ ᠠᠶᠠᠯᠭᠤᠨ
ᠤᠷᠲᠦ ᠴᠠᠭᠠᠨ ᠬᠡᠷᠡᠮ ᠰᠦᠨᠳᠡᠷᠯᠡᠨ ᠬᠠᠷᠠᠭᠳᠠᠭᠠᠳ ᠵᠠᠭᠤ ᠵᠠᠭᠤᠨ ᠪᠣᠭᠣᠮᠲᠠ
ᠬᠥᠬᠡᠮᠥ᠋ᠷᠡᠨ ᠬᠠᠲᠤᠨ ᠭᠣᠣᠯ ᠵᠡᠭᠦᠨᠰᠢ ᠤᠷᠤᠰᠤᠭᠠᠳ ᠮᠢᠩᠭ᠎ᠠ ᠮᠢᠩᠭᠠᠨ ᠳᠣᠯᠭᠢᠶᠠᠨ
ᠡᠮᠦᠨᠡᠲᠦ ᠳᠠᠯᠠᠢ ᠠᠷᠠᠯ ᠢᠶᠠᠨ ᠦᠭᠡᠢᠯᠡᠭᠡᠳ ᠲᠦᠮᠡ ᠲᠦᠮᠡᠨ ᠬᠠᠷᠭᠢᠶ᠎ᠠ
ᠬᠦᠴᠦᠲᠦ ᠶᠡᠬᠡ ᠣᠮᠣᠭᠯᠠᠩ ᠰᠦᠭ ᠲᠠᠢ ᠮᠢᠨᠤ ᠬᠠᠳᠠᠨ ᠴᠤᠤᠷᠢᠶ᠎ᠠ
ᠲᠠᠯ᠎ᠠ ᠬᠠᠨᠠᠷᠠᠨ ᠤᠰᠤ ᠤᠭᠠᠯᠵᠠᠷᠠᠭᠠᠳ ᠲᠠᠪᠤᠨ ᠲᠢᠪ ᠠ᠋ᠴᠠ ᠪᠠᠭᠠᠳᠠᠬᠤ ᠦᠭᠡᠢ
ᠲᠠᠨᠠᠨ ᠰᠦᠷᠦᠭ ᠠᠰᠬᠠᠨ ᠪᠡᠯᠴᠢᠵᠦ ᠴᠢᠨᠳᠠᠮᠤᠨᠢ ᠡᠷᠳᠡᠨᠢ ᠪᠠᠷ ᠰᠣᠯᠢᠬᠤ ᠦᠭᠡᠢ
ᠲᠤᠯᠭ᠎ᠠ ᠶ᠋ᠢᠨ ᠭᠠᠯ ᠢᠶᠠᠨ ᠪᠠᠳᠮᠠᠯᠠᠬᠤ ᠡ᠊ᠩᠭᠡ ᠲᠠᠢᠪᠤᠩ ᠤᠨ ᠡᠷᠴᠢ ᠬᠦᠴᠦᠨ ᠢᠶᠠᠷ
ᠲᠠᠪᠤᠨ ᠣᠳᠣᠲᠤ ᠤᠯᠠᠭᠠᠨ ᠲᠤᠭ ᠤᠨ ᠳᠣᠣᠷᠠᠬᠢ ᠡᠷ᠎ᠡ ᠮᠢᠨᠤ ᠵᠢᠪᠬᠤᠯᠠᠩᠲᠤ ᠤᠷᠢᠶ᠎ᠠ
ᠬᠥᠬᠡ ᠤᠰᠤᠨ ᠤ ᠳᠥᠯᠭᠡᠬᠡᠨ ᠠᠷ ᠲᠣ ᠪᠤᠳᠤᠯ ᠢᠶᠠᠨ ᠰᠡᠯᠢᠬᠦ ᠠᠮᠤᠭᠤᠯᠠᠩ ᠵᠠᠶᠠᠭ᠎ᠠ
ᠬᠥᠬᠡᠮᠳᠦᠭ ᠲᠡᠭ᠍ᠷᠢ ᠶ᠋ᠢᠨ ᠪᠤᠳᠤᠭ ᠢᠶᠠᠷ ᠰᠣᠷᠮᠤᠤᠰᠤ ᠪᠠᠨ ᠭᠣᠶᠣᠯᠠᠬᠤ ᠠᠰᠢᠭᠦᠢ ᠲᠠᠪᠢᠯᠠᠩ
ᠬᠥᠮᠥᠨ ᠤ ᠠᠮᠢᠳᠤᠷᠠᠯ ᠤᠨ ᠠᠵᠠ ᠵᠢᠷᠭᠠᠯ ᠢ ᠡᠳ᠋ᠯᠡᠵᠦ ᠶᠠᠪᠤᠭ᠎ᠠ ᠡᠷᠢᠨ ᠳ᠋ᠤ
ᠬᠦᠦ ᠨᠢ ᠪᠣᠯᠵᠤ ᠵᠠᠶᠠᠭᠠᠭᠰᠠᠨ ᠠᠵᠠᠲᠠᠢ ᠮᠢᠨᠤ ᠲᠠᠯᠠᠷᠬᠠᠯ ᠤᠨ ᠳᠠᠭᠤᠨ
ᠠᠯᠲᠠᠨ ᠤᠲᠠᠰᠤ ᠲᠠᠲᠠᠭᠰᠠᠨ ᠬᠢᠯᠢ ᠬᠢᠵᠠᠭᠠᠷ ᠭᠡᠭ᠍ᠴᠢ ᠮᠢᠨᠤ ᠠᠮᠢᠨ ᠰᠠᠬᠢᠶ᠎ᠠ
ᠮᠥᠩᠭᠥᠨ ᠡᠷᠢᠭᠡ ᠬᠡᠯᠬᠢᠶᠡᠷᠡᠭ᠍ᠰᠡᠨ ᠠᠭᠤᠯᠠ ᠤᠰᠤᠨ ᠮᠢᠨᠤ ᠨᠢᠳᠦᠨ ᠴᠡᠴᠡᠭᠡᠢ
ᠥᠷᠭᠡᠨ ᠠᠭᠤᠳᠠᠮ ᠬᠥᠭ᠍ᠵᠢᠯ ᠴᠡᠴᠡᠭ᠍ᠯᠡᠯ ᠲᠠᠢ ᠳᠤᠮᠳᠠᠳᠦ ᠶ᠋ᠢᠨ ᠨᠤᠲᠤᠭ ᠳᠡᠪᠢᠰᠬᠡᠷ ᠲᠤ
ᠮᠥᠩᠬᠡ ᠶ᠋ᠢᠨ ᠵᠦᠩ ᠪᠢᠯᠢᠭ ᠪᠡᠯᠭᠡᠰᠢᠶᠡᠬᠦ ᠤᠷᠠᠢ ᠮᠢᠨᠤ ᠵᠢᠷᠦᠬᠡᠨ ᠤ ᠡᠭᠡᠰᠢᠭ᠍ᠯᠡᠭᠦᠨ ᠃
( ᠴ· ᠭᠡᠭᠡᠨᠴᠢᠭᠡᠴᠢ )
