ᠤᠳᠤᠳᠤ ᠲᠡᠭᠷᠢ ᠵᠢᠨ ᠰᠠᠷ᠎ᠠ
ᠢᠴᠢᠮᠡᠳᠡᠭᠡᠢ ᠶᠤᠮ ᠰᠢᠬ
ᠬᠠᠪᠢᠷᠭᠠᠯᠠᠴᠢᠬᠠᠭᠰᠠᠨ
ᠡᠪᠤᠭᠡᠳ ᠤᠨ ᠪᠤᠭᠤᠷᠤᠯ ᠲᠤᠮᠤᠭ
ᠬᠠᠭᠤᠴᠢᠳ ᠤᠨ ᠢᠷᠤᠭᠡᠯ
ᠬᠦᠤᠷᠨᠢᠴᠢᠭᠡᠭᠰᠡᠨ
ᠤᠷᠢᠬᠠᠨ ᠲᠤᠯᠠᠭᠠᠨ ᠬᠠᠪᠤᠷ
ᠰᠢᠨ᠎ᠠ ᠵᠢᠨ ᠲᠡᠭᠡᠵᠢ ᠲᠠᠢ
ᠰᠠᠭᠠᠳᠠᠯ᠎ᠠ
ᠨᠡᠭᠡᠯ ᠬᠠᠳᠠᠭᠤ ᠡᠪᠤᠯ
ᠨᠡᠷ᠎ᠠ ᠪᠠᠨ ᠮᠠᠷᠳᠠᠭᠰᠠᠨ ᠰᠢᠬ
ᠤᠶᠠᠷᠠᠴᠢᠬᠠᠭᠰᠠᠨ
ᠨᠢᠮᠭᠡᠨ ᠴᠠᠭᠠᠨ ᠴᠠᠰᠤ
ᠨᠠᠷᠠᠨ ᠤ ᠡᠭᠡᠪᠤᠷ ᠲᠤ
ᠠᠭᠤᠷᠰᠢᠭᠰᠠᠨ
ᠨᠢᠯᠬ᠎ᠠ ᠲᠦᠯ ᠤᠨ ᠲᠠᠭᠤᠨ
ᠬᠠᠰᠢᠶ᠎ᠠ ᠬᠦᠷᠢᠶ᠎ᠠ ᠪᠠᠷ
ᠮᠠᠶᠢᠯᠠᠯᠳᠤᠭᠰᠠᠨ
ᠤᠶᠠᠬᠠᠨ ᠵᠦᠭᠡᠯᠡᠨ ᠰᠠᠯᠬᠢᠨ
ᠬᠠᠴᠠᠷ ᠨᠢᠭᠤᠷ ᠢ
ᠢᠯᠪᠢᠴᠢᠭᠡᠭᠰᠡᠨ
ᠡᠵᠡᠭᠦᠢ ᠭᠤᠪᠢ ᠭᠡᠭᠡᠷ᠎ᠠ ᠪᠠᠷ
ᠬᠦᠭᠡ ᠢᠷᠭᠤᠢ
ᠨᠢᠳᠤᠯᠡᠴᠢᠭᠡᠭᠰᠡᠨ
ᠡᠵᠢ ᠵᠢᠨ ᠪᠦᠪᠡᠢ ᠲᠠᠢ ᠠᠶᠠᠯᠭᠤᠨ ᠳᠤ
ᠡᠭᠡ ᠲᠡᠯᠡᠭᠡᠢ
ᠨᠢᠯᠬᠠᠷᠠᠴᠢᠬᠠᠭᠰᠠᠨ
ᠪᠠᠶᠠᠨ ᠪᠤᠯᠠᠭ ᠤᠨ ᠬᠦᠭᠡᠪᠤᠷ ᠲᠤ
ᠨᠡᠭᠦᠳᠡᠯ ᠤᠨ ᠰᠢᠪᠠᠭᠤᠳ
ᠢᠷᠡᠴᠢᠭᠡᠭᠰᠡᠨ
ᠨᠠᠶᠢᠷ ᠤᠨ ᠲᠠᠭᠤᠨ ᠤ ᠰᠢᠷᠤᠡᠭᠬᠠᠢ
ᠤᠶᠠᠡᠭᠭᠠ ᠡᠭᠡᠰᠢᠭ ᠵᠢᠡᠨ
ᠬᠠᠡᠭᠬᠢᠨᠠᠭᠤᠯᠤᠭᠰᠠᠨ
ᠪᠠᠶᠢᠭᠠᠯᠢ ᠵᠢᠨ ᠭᠤᠶᠤ ᠦᠵᠡᠮᠵᠢ
ᠢᠷᠠᠭᠤ ᠨᠠᠶᠢᠷᠠᠭ ᠵᠢᠡᠷ
ᠴᠠᠯᠬᠢᠯᠠᠴᠢᠬᠠᠭᠰᠠᠨ
ᠰᠢᠨ᠎ᠠ ᠵᠢᠨ ᠲᠡᠭᠡᠵᠢ ᠲᠠᠢ ᠬᠠᠪᠤᠷ ᠵᠢᠡᠨ
ᠭᠠᠯ ᠤᠨ ᠲᠠᠬᠢᠯᠭ᠎ᠠ ᠪᠠᠷ
ᠤᠭᠳᠤᠴᠢᠬᠠᠭᠰᠠᠨ
ᠤᠴᠠᠷᠠᠭᠰᠠᠨ ᠤᠯᠠᠨ ᠭᠡᠶᠢᠴᠢᠳ
ᠴᠤᠭ ᠵᠤᠯᠪᠤᠭ᠎ᠠ ᠲᠠᠢ
ᠵᠤᠯᠭᠠᠴᠢᠬᠠᠭᠰᠠᠨ
ᠬᠦᠭᠡᠭᠴᠢᠨ ᠮᠤᠭᠠᠢ ᠵᠢᠯ ᠤᠨ
ᠴᠠᠭᠠᠨ ᠰᠠᠷ᠎ᠠ ᠳᠤ
ᠭᠡᠰᠢᠭ ᠪᠤᠶᠠᠨ ᠲᠦᠭᠦᠷᠡᠡᠭᠭᠡᠨ
ᠬᠤᠷᠳᠤᠨ ᠬᠦᠯᠦᠭ ᠤᠨ ᠲᠦᠪᠡᠷᠭᠡᠨ ᠳᠤ
ᠬᠦᠳᠡᠭᠡ ᠲᠠᠯ᠎ᠠ
ᠪᠠᠶᠠᠰᠴᠢᠬᠠᠭᠰᠠᠨ
ᠬᠤᠭᠤᠷ ᠴᠤᠭᠤᠷ ᠤᠨ ᠡᠭᠡᠰᠢᠭ ᠲᠤ
ᠨᠤᠳᠤᠭ ᠤᠰᠤᠨ
ᠨᠠᠯᠠᠶᠢᠴᠢᠬᠠᠭᠰᠠᠨ
ᠬᠦᠵᠢ ᠮᠦᠡᠭᠭᠦᠨ ᠽᠠᠮᠪᠤᠯᠢᠡᠭ
ᠬᠦᠭ ᠠᠶᠠᠯᠭᠤ
ᠨᠠᠶᠢᠷᠯᠠᠴᠢᠬᠠᠭᠰᠠᠨ
ᠠᠮᠤᠭᠤᠯᠠᠡᠭᠳᠤ ᠬᠦᠳᠡᠭᠡ ᠵᠢᠨ ᠴᠠᠭᠠᠨ ᠰᠠᠷ᠎ᠠ
᠁