ᠮᠠᠨᠭᠬᠠᠨ ᠳ᠋ᠤ ᠠᠮᠢᠯᠠᠭᠰᠠᠨ ᠴᠡᠴᠡᠭ ᠪᠤᠶᠤ ᠨᠡᠶᠢᠰᠯᠡᠯ ᠤᠷᠤᠭᠰᠠᠨ ᠨᠢᠬᠡᠨ ᠦᠬᠢᠨ

 ᠄ 2024-07-28 17:00:01

ᠪᠠᠯᠠᠷ ᠲᠠᠢ᠂ ᠱᠠᠨᠭᠳᠠ ᠲᠠᠢ᠂ ᠮᠠᠨᠭᠬᠠᠨ ᠨᠤᠲᠤᠭ ᠤᠨ ᠬᠦᠨ ᠳ᠋ᠤ ᠤᠨ ᠲᠤᠭᠠᠯᠠᠯ ᠤᠨ 1974 ᠤᠨ ᠤ 3 ᠰᠠᠷ᠎ᠠ ᠵᠢᠨ 25 ᠤ ᠡᠳᠦᠷ ᠪᠤᠯᠵᠤ ᠪᠠᠶᠢᠬᠤ ᠳ᠋ᠤ᠂ ᠡᠨᠡ ᠨᠤᠲᠤᠭ ᠤᠨ ᠤᠤᠭᠠᠯ᠂ ᠦᠤᠰᠢᠨ ᠬᠤᠰᠢᠭᠤᠨ ᠤ ᠤᠤᠯ ᠤᠨ ᠦᠤᠰᠢᠨᠵᠤᠤ ᠰᠤᠮᠤᠨ ᠤ ᠪᠦᠷᠢᠳᠦ ᠭᠠᠴᠠᠭᠠᠨ ᠤ ᠠᠷᠠᠳ ᠤᠨ ᠡᠷᠬᠢᠯᠡᠭᠰᠡᠨ ᠪᠠᠭ᠎ᠠ ᠰᠤᠷᠭᠠᠭᠤᠯᠢ ᠵᠢᠨ ᠵᠠᠬᠢᠷᠤᠯ ᠪᠠᠭᠰᠢ ᠪᠡᠷ ᠠᠵᠢᠯᠯᠠᠵᠤ ᠪᠠᠶᠢᠭᠰᠠᠨ ᠲᠦᠬᠦᠷᠡᠨᠭᠭ᠎ᠠ ᠵᠢᠴᠢ ᠮᠠᠯᠴᠢᠨ ᠪᠦᠰᠡᠬᠦᠢ ᠴᠡᠴᠡᠭᠮ᠎ᠡ ᠵᠢᠨ ᠬᠡᠷ ᠲᠤ ᠬᠤᠷᠸ᠎ᠠ ᠵᠢᠨ ᠪᠦᠯᠢᠶᠠᠨ ᠠᠮᠢᠰᠬᠤᠯ ᠨᠢᠬᠡ ᠶ᠋ᠢ ᠨᠡᠮᠡᠵᠤ ᠬᠠᠲᠤᠨ ᠵᠠᠶᠠᠭᠠᠲᠤ ᠦᠭᠢᠨ ᠲᠦᠷᠦᠬᠦᠯᠥᠭᠰᠡᠨ ᠪᠠᠶᠢᠯ᠎ᠠ᠃ ᠨᠤᠮᠢᠨ ᠪᠦᠷᠢᠳᠦ ᠵᠢᠨ ᠬᠦᠨ ᠳ᠋ᠤ ᠮᠡᠨᠳᠦᠯᠡᠭᠰᠡᠨ ᠡᠨᠡ ᠦᠭᠢᠨ ᠵᠢᠡᠨ ᠠᠪᠤ ᠡᠵᠢ ᠨᠢ ᠤᠯᠠᠮᠵᠢᠯᠠᠯᠲᠤ ᠪᠡᠯᠬᠡᠳᠡᠯ ᠤᠨ ᠤᠬᠠᠭᠠᠨ ᠠᠭᠤᠯᠠᠭᠰᠠᠨ ᠨᠤᠮᠢᠨᠬᠤᠸᠠᠷ ᠬᠡᠬᠦ ᠨᠡᠷ᠎ᠡ ᠬᠠᠶᠢᠷᠠᠯᠠᠵᠤ ᠪᠢᠯᠡ᠃

ᠢᠨᠭᠭᠢᠭᠡᠳ ᠡᠨᠡ ᠬᠦᠮᠦᠨ ᠤ ᠠᠮᠢᠳᠤᠷᠠᠯ ᠤᠨ ᠦᠢᠯᠡᠰ ᠬᠤᠵᠢᠮ ᠳ᠋ᠠᠭᠠᠨ ᠪᠤᠯᠵᠤ ᠢᠷᠡᠭᠡᠳ ᠬᠤᠷᠸ᠎ᠠ ᠵᠢᠨ ᠡᠯᠢᠬᠡᠨ ᠳ᠋ᠤ ᠠᠴᠢ ᠭᠠᠪᠢᠶ᠎ᠠ᠂ ᠬᠤᠪᠢ ᠨᠡᠮᠡᠷᠢ ᠪᠤᠯᠵᠤ ᠶᠠᠪᠤᠬᠤ ᠶ᠋ᠢ ᠲᠡᠷᠡ ᠦᠶ᠎ᠡ ᠳ᠋ᠤ ᠬᠡᠨ ᠮᠡᠳᠡᠬᠦ ᠪᠢᠯᠡ︖ ᠤᠷᠢᠳᠠᠪᠠᠷ ᠲᠤᠳᠤᠷᠠᠭᠤᠯᠬᠤ ᠦᠬᠦᠯᠡᠬᠦ ᠳ᠋ᠤ᠂ ᠲᠦᠬᠦᠷᠡᠨᠭᠭ᠎ᠠ ᠪᠠᠭᠰᠢ ᠪᠦᠷᠢᠳᠦ ᠠᠷᠠᠳ ᠡᠴᠡ ᠡᠷᠬᠢᠯᠡᠭᠰᠡᠨ ᠪᠠᠭ᠎ᠠ ᠰᠤᠷᠭᠠᠭᠤᠯᠢ ᠳ᠋ᠤ ᠵᠠᠬᠢᠷᠤᠯ ᠵᠢᠡᠷ ᠠᠵᠢᠯᠯᠠᠵᠤ ᠪᠠᠶᠢᠭᠰᠠᠨ ᠮᠦᠷᠲᠡᠭᠡᠨ ᠲᠡᠳᠡᠨ ᠤ ᠬᠡᠷ ᠨᠢ ᠰᠤᠷᠭᠠᠭᠤᠯᠢ ᠡᠴᠡ ᠬᠡᠳᠦᠬᠡᠨ ᠵᠠᠭᠤᠨ ᠮᠸᠲᠷ ᠯᠠ ᠵᠠᠶᠢᠲᠠᠢ ᠪᠠᠶᠢᠵᠤ᠂ ᠪᠦᠰᠡᠬᠦᠢ ᠨᠢ ᠮᠠᠯ ᠵᠢᠡᠨ ᠬᠠᠷᠢᠭᠤᠯᠬᠤ ᠵᠢᠨ ᠵᠠᠪᠰᠠᠷ ᠦᠢᠯᠡ ᠤᠲᠠᠰᠤᠨ ᠳ᠋ᠠᠭᠠᠨ ᠰᠠᠶᠢᠨ ᠪᠤᠯᠬᠤᠷ ᠡᠨᠡ ᠰᠤᠷᠭᠠᠭᠤᠯᠢ ᠵᠢᠨ ᠬᠡᠤᠬᠡᠳ ᠤᠨ ᠤᠷᠠᠭᠳᠠᠵᠤ ᠨᠠᠪᠲᠠᠷᠠᠭᠰᠠᠨ ᠬᠤᠪᠴᠠᠰᠤ ᠬᠤᠨᠠᠷ ᠢ ᠤᠶᠤᠵᠤ ᠰᠢᠳᠡᠬᠦ᠂ ᠨᠦᠬᠦᠬᠦ ᠠᠵᠢᠯ ᠤᠨ ᠤᠯᠠᠨᠭᠭᠢ ᠨᠢ ᠲᠡᠭᠦᠨ ᠤ ᠮᠦᠷᠦᠨ ᠲᠡᠭᠡᠷ᠎ᠡ ᠲᠤᠯᠭᠠᠷᠠᠳᠠᠭ ᠪᠠᠶᠢᠯ᠎ᠠ᠃ ᠲᠤᠬᠠᠢ ᠵᠢᠨ ᠦᠶ᠎ᠡ ᠳ᠋ᠤ ᠪᠦᠷᠢᠳᠦ ᠠᠷᠠᠳ ᠤᠨ ᠡᠷᠬᠢᠯᠡᠭᠰᠡᠨ ᠪᠠᠭ᠎ᠠ ᠰᠤᠷᠭᠠᠭᠤᠯᠢ ᠳ᠋ᠤ ᠢᠷᠡᠵᠤ ᠰᠤᠷᠤᠯᠴᠠᠳᠠᠭ ᠬᠡᠤᠬᠡᠳ ᠨᠢ ᠴᠦᠮ ᠲᠠᠪᠤ ᠠᠷᠪᠠᠨ ᠭᠠᠵᠠᠷ ᠪᠤᠶᠤ ᠬᠤᠷᠢ ᠭᠤᠴᠢᠨ ᠭᠠᠵᠠᠷ ᠡᠴᠡ ᠬᠦᠶᠦᠵᠤ ᠢᠷᠡᠳᠡᠭ ᠮᠦᠷᠲᠡᠭᠡᠨ ᠤᠯᠠᠨᠭᠭᠢ ᠳ᠋ᠠᠭᠠᠨ ᠪᠠᠶᠢᠷᠢ ᠳ᠋ᠤ ᠰᠠᠭᠤᠵᠤ᠂ ᠬᠤᠭᠤᠯᠠᠨ ᠳ᠋ᠠᠭᠠᠨ ᠴᠠᠳᠬᠤ ᠦᠭᠡᠢ᠂ ᠡᠮᠦᠰᠬᠦ ᠳ᠋ᠡᠬᠡᠨ ᠵᠦᠪ ᠦᠭᠡᠢ ᠪᠠᠶᠢᠵᠤ ᠪᠢᠯᠡ᠃ ᠶᠠᠭ ᠡᠶᠢᠮᠦᠷᠬᠦᠦ ᠤᠷᠴᠢᠨ ᠲᠤᠭᠤᠷᠢᠨ ᠳ᠋ᠤ ᠨᠤᠮᠢᠨᠬᠤᠸᠠᠷ ᠤᠨ ᠪᠠᠭ᠎ᠠ ᠨᠠᠰᠤ ᠡᠬᠢᠯᠡᠵᠡᠢ᠃

1982 ᠡᠴᠡ 1987 ᠤᠨ ᠤ ᠬᠤᠭᠤᠷᠤᠨᠳᠤ ᠨᠤᠮᠢᠨᠬᠤᠸᠠᠷ ᠮᠦᠨ ᠲᠤᠰ ᠰᠤᠷᠭᠠᠭᠤᠯᠢ ᠳ᠋ᠤ ᠪᠢᠴᠢᠭ ᠡᠷᠳᠡᠮ ᠤᠨ ᠵᠠᠮ ᠮᠦᠷ ᠢ ᠬᠦᠭᠡᠭᠡᠵᠤ᠂ ᠦᠶ᠎ᠡ ᠵᠢᠨ ᠤᠯᠠᠨ ᠨᠠᠶᠢᠵᠠ ᠨᠦᠬᠦᠳ ᠲᠠᠢ ᠪᠠᠨ ᠬᠤᠷᠠᠭ᠎ᠠ ᠢᠰᠢᠬᠡ  ᠬᠠᠮᠲᠤ ᠬᠠᠷᠢᠭᠤᠯᠬᠤ ᠵᠢᠨ ᠵᠠᠪᠰᠠᠷ ᠡᠵᠢ ᠪᠡᠨ ᠬᠠᠪᠰᠤᠷᠤᠨ ᠬᠤᠪᠴᠠᠰᠤ ᠬᠤᠨᠠᠷ ᠤᠶᠤᠵᠤ ᠰᠢᠳᠡᠬᠦ ᠵᠦᠢᠯ ᠳ᠋ᠤ ᠤᠷᠤᠯᠴᠠᠳᠠᠭ᠃ ᠡᠨᠡ ᠨᠢ ᠲᠡᠭᠦᠨ ᠤ ᠪᠠᠭ᠎ᠠ ᠨᠠᠰᠤᠨ ᠡᠴᠡ ᠪᠡᠨ ᠡᠬᠢᠯᠡᠨ ᠬᠤᠵᠢᠮ ᠲᠤᠮᠤ ᠪᠤᠯᠪᠠᠯ ᠨᠢᠬᠡ ᠰᠠᠶᠢᠨ ᠤᠶᠤᠳᠠᠯᠴᠢᠨ ᠪᠤᠯᠬᠤ ᠠᠨᠭᠬᠠᠨ ᠤ ᠬᠦᠰᠡᠯᠡᠡᠭ ᠤᠨ ᠵᠢᠬᠦᠷ ᠢ ᠤᠷᠭᠤᠭᠤᠯᠵᠤ ᠲᠠᠯᠪᠢᠵᠠᠢ᠃ ᠡᠬᠦᠨ ᠲᠠᠢ ᠪᠡᠨ ᠵᠡᠷᠭᠡᠴᠡᠭᠡᠳ ᠲᠤᠬᠠᠢ ᠵᠢᠨ ᠦᠶ᠎ᠡ ᠳ᠋ᠤ ᠬᠦᠳᠡᠭᠡ ᠤᠷᠤᠨ ᠨᠤᠲᠤᠭ ᠲᠤ ᠤᠯᠢᠭᠲᠠᠢ ᠨᠢᠬᠡ ᠬᠤᠶᠠᠷ ᠤᠶᠤᠳᠠᠯ ᠤᠨ ᠮᠠᠰᠢᠨ ᠪᠠᠰᠠ ᠤᠯᠳᠠᠬᠤ ᠦᠭᠡᠢ᠂ ᠴᠦᠮ ᠵᠡᠬᠦᠦ᠂ ᠤᠲᠠᠰᠤ᠂ ᠬᠤᠷᠤᠭᠤᠪᠴᠢ ᠭᠤᠷᠪᠡ ᠪᠡᠷ ᠠᠯᠢ ᠪᠤᠯᠭᠠᠨ ᠢ ᠬᠢᠵᠤ ᠪᠦᠲᠦᠬᠡᠳᠡᠭ ᠪᠠᠶᠢᠪᠠ᠂ ᠬᠠᠷᠢᠨ ᠶᠠᠭ ᠲᠡᠭᠦᠨ ᠤ ᠪᠠᠭ᠎ᠠ ᠰᠤᠷᠭᠠᠭᠤᠯᠢ ᠵᠢᠨ ᠭᠤᠷᠪᠠᠳᠤᠭᠠᠷ ᠤᠨ ᠳ᠋ᠤ ᠪᠠᠶᠢᠬᠤ ᠲᠡᠷᠡ ᠵᠢᠯ ᠠᠪᠤ ᠡᠵᠢ ᠨᠢ ᠠᠯᠢᠪᠠ ᠮᠦᠨᠭᠭᠦ ᠲᠦᠬᠦᠷᠢᠭ ᠵᠢᠡᠨ ᠴᠤᠭᠯᠠᠭᠤᠯᠤᠨ ᠪᠠᠶᠢᠵᠤ ᠬᠡᠷ ᠲᠡᠭᠡᠨ ᠱᠠᠨᠭᠬᠠᠢ ᠡᠴᠡ ᠦᠢᠯᠡᠳᠪᠦᠷᠢᠯᠡᠭᠰᠡᠨ︽ᠡᠷᠪᠡᠬᠡᠢ ︾ᠨᠡᠷᠡᠮᠵᠢᠲᠤ ᠤᠶᠤᠳᠠᠯ ᠤᠨ ᠮᠠᠰᠢᠨ ᠠᠪᠴᠠᠢ᠃ ᠤᠳᠤ ᠪᠢᠳᠠ ᠡᠨᠡ ᠮᠠᠰᠢᠨ ᠢ ᠦᠵᠡᠬᠦ ᠳ᠋ᠤ ᠴᠠᠬᠢᠯᠭᠠᠨ ᠴᠤ ᠵᠠᠯᠭᠠᠵᠤ ᠪᠤᠯᠳᠠᠭ ᠦᠭᠡᠢ᠂ ᠬᠦᠯ ᠵᠢᠡᠷ ᠵᠢᠡᠨ ᠠᠵᠢᠯᠯᠠᠭᠤᠯᠤᠨ ᠤᠶᠤᠳᠠᠭ︽ᠴᠠᠭ ᠡᠴᠡ ᠬᠤᠴᠤᠷᠤᠭᠰᠠᠨ︾ᠵᠦᠢᠯ ᠪᠤᠯᠪᠠᠴᠤ ᠲᠤᠬᠠᠢ ᠵᠢᠨ ᠦᠶ᠎ᠡ ᠳ᠋ᠡᠬᠡᠨ ᠤᠯᠳᠠᠰᠢ ᠦᠭᠡᠢ ᠤᠷᠬᠤᠳᠠᠢ ᠪᠠᠶᠢᠵᠤ᠂ ᠤᠶᠢᠷ᠎ᠠ ᠬᠠᠪᠢ ᠳ᠋ᠠᠭᠠᠨ ᠨᠡᠷ᠎ᠡ ᠳ᠋ᠤ ᠭᠠᠷᠤᠭᠰᠠᠨ ᠰᠠᠶᠢᠨ ᠵᠦᠢᠯ ᠪᠠᠶᠢᠭᠰᠠᠨ ᠨᠢ ᠦᠨᠡᠨ᠃

ᠮᠠᠨᠭᠬᠠᠨ ᠨᠤᠲᠤᠭ ᠡᠴᠡ ᠪᠡᠨ ᠭᠠᠷᠤᠭ᠎ᠠ ᠦᠭᠡᠢ᠂ ᠮᠠᠯ ᠡᠴᠡ ᠪᠡᠨ ᠦᠬᠡᠷ᠎ᠡ ᠶ᠋ᠢ ᠬᠠᠷᠠᠭ᠎ᠠ ᠦᠭᠡᠢ ᠪᠠᠶᠢᠭᠰᠠᠨ ᠨᠤᠮᠢᠨᠬᠤᠸᠠᠷ ᠲᠤ ᠡᠨᠡ ᠤᠶᠤᠳᠠᠯ ᠤᠨ ᠮᠠᠰᠢᠨ ᠶᠤᠰᠤᠲᠠᠢ ᠭᠠᠶᠢᠬᠠᠮᠰᠢᠭᠲᠠᠢ ᠰᠠᠨᠠᠭᠳᠠᠵᠤ᠂ ᠡᠵᠢ ᠨᠢ ᠤᠶᠤᠳᠠᠯ ᠤᠨ ᠮᠠᠰᠢᠨ ᠲᠡᠭᠡᠷ᠎ᠡ ᠪᠡᠨ ᠲᠦᠷᠴᠢᠬᠢᠨᠡᠬᠦᠯᠥᠨ ᠤᠶᠤᠬᠤ ᠶ᠋ᠢ ᠬᠠᠷᠠᠭᠠᠳ ᠪᠦᠬᠦᠢᠯᠡ ᠰᠡᠳᠬᠢᠯ ᠰᠠᠨᠠᠭ᠎ᠠ ᠨᠢ ᠲᠡᠭᠦᠨ ᠲᠡᠭᠡᠷ᠎ᠡ ᠲᠠᠳᠠᠭᠳᠠᠵᠤ᠂ ᠡᠵᠢ ᠪᠡᠨ ᠭᠤᠶᠤᠨ ᠪᠠᠶᠢᠵᠤ ᠡᠨᠡᠬᠦ︽ᠡᠷᠳᠡᠨᠢ ᠵᠢᠨ ᠬᠠᠶᠢᠷᠴᠠᠭ︾ᠲᠡᠭᠡᠷ᠎ᠡ ᠨᠢ ᠠᠨᠭᠬᠠᠨ ᠤ ᠮᠦᠷ ᠵᠢᠡᠨ ᠲᠠᠮᠠᠭᠠᠯᠠᠵᠤ ᠴᠢᠳᠠᠯ᠎ᠠ᠃ ᠢᠨᠭᠭᠢᠬᠡᠳ ᠯᠠ ᠲᠡᠷᠡ ᠠᠪᠤ ᠵᠢᠨ ᠬᠢᠨᠢ ᠠᠪᠴᠢᠷᠠᠵᠤ ᠦᠭᠭᠦᠭᠰᠡᠨ ᠰᠤᠷᠤᠭᠴᠢᠳ ᠤᠨ ᠬᠤᠪᠴᠠᠰᠤ ᠶ᠋ᠢ ᠨᠦᠬᠦᠬᠦ ᠪᠤᠶᠤ ᠬᠠᠮᠲᠤ ᠨᠠᠶᠢᠵᠠ ᠵᠢᠨ ᠵᠢᠡᠨ ᠤᠷᠠᠭᠳᠠᠵᠤ ᠰᠡᠮᠡᠷᠡᠭᠰᠡᠨ ᠢ ᠤᠶᠤᠬᠤ᠂ ᠲᠤᠪᠴᠢ ᠰᠢᠯᠪᠢ ᠶ᠋ᠢ ᠨᠢ ᠬᠠᠳᠠᠬᠤ ᠬᠡᠳ ᠰᠤᠷᠭᠠᠭᠤᠯᠢ ᠡᠴᠡ ᠢᠷᠡᠭᠰᠡᠨ ᠤ ᠲᠠᠷᠠᠭ᠎ᠠ ᠬᠢᠳᠡᠭ ᠠᠵᠢᠯ ᠤᠯᠠᠰᠢᠷᠠᠵᠠᠢ᠃ ᠬᠠᠷᠢᠨ ᠪᠠᠭ᠎ᠠ ᠰᠤᠷᠭᠠᠭᠤᠯᠢ ᠪᠡᠨ ᠲᠡᠬᠦᠰᠴᠤ ᠠᠨᠭᠬ᠎ᠠ ᠲᠤᠮᠳᠠᠳᠤ ᠳ᠋ᠤ ᠲᠠᠪᠰᠢᠬᠤ ᠳ᠋ᠤ ᠲᠡᠭᠦᠨ ᠤ ᠡᠨᠡ ᠠᠵᠢᠯ ᠴᠦᠬᠡᠷᠡᠭᠰᠡᠨ ᠤ ᠤᠴᠢᠷ ᠨᠢ ᠲᠡᠭᠦᠨ ᠤ ᠰᠠᠭᠤᠭᠰᠠᠨ ᠠᠨᠭᠬ᠎ᠠ ᠲᠤᠮᠳᠠᠳᠤ ᠨᠢ ᠠᠯᠤᠰ ᠬᠤᠯᠠ ᠤᠯᠠᠭᠠᠨᠲᠤᠯᠤᠭᠠᠢ ᠳ᠋ᠤ ᠪᠠᠶᠢᠵᠤ᠂ ᠨᠢᠬᠡ ᠰᠤᠷᠤᠭᠴᠢ ᠬᠦᠮᠦᠨ ᠤᠶᠤᠳᠠᠯ ᠤᠨ ᠮᠠᠰᠢᠨ ᠢ ᠰᠤᠷᠭᠠᠭᠤᠯᠢ ᠳ᠋ᠠᠭᠠᠨ ᠡᠬᠦᠷᠦᠭᠡᠳ ᠤᠴᠢᠳᠠᠭ ᠬᠡᠷᠡᠭ ᠪᠢᠰᠢ᠂ ᠬᠡᠪᠡᠴᠤ ᠲᠡᠷᠡ ᠪᠠᠰᠠ ᠭᠠᠷ ᠦᠢᠯᠡ ᠬᠢᠬᠦ ᠪᠠᠨ ᠵᠤᠭᠰᠤᠭ᠎ᠠ ᠦᠭᠡᠢ᠂ ᠲᠡᠭᠡᠷ᠎ᠡ ᠵᠠᠭᠤᠨ ᠤ ᠨᠠᠶᠠᠭᠠᠳ ᠤᠨ ᠳ᠋ᠤ ᠮᠠᠨ ᠤ ᠨᠤᠲᠤᠭ ᠤᠨ ᠠᠷᠠᠳ ᠤᠨ ᠠᠮᠢᠳᠤᠷᠠᠯ ᠲᠡᠶᠢᠮᠤ ᠴᠤ ᠰᠠᠶᠢᠨ ᠪᠢᠰᠢ ᠪᠠᠶᠢᠵᠤ᠂ ᠦᠯᠥᠨ ᠪᠤᠷᠤ ᠨᠢᠳᠤ ᠲᠠᠢ᠂ ᠡᠪᠦᠳᠡᠭ ᠨᠢ ᠴᠤᠭᠤᠷᠬᠠᠢ ᠰᠤᠷᠤᠭᠴᠢᠳ ᠰᠤᠷᠭᠠᠭᠤᠯᠢ ᠵᠢᠨ ᠬᠦᠷᠢᠶ᠎ᠡ ᠲᠦᠬᠦᠷᠡᠡᠭ ᠪᠠᠶᠢᠭᠰᠠᠨ ᠨᠢ ᠮᠡᠳᠡᠬᠡᠵᠢ᠃ ᠨᠤᠮᠢᠨᠬᠤᠸᠠᠷ ᠰᠤᠷᠤᠯᠭ᠎ᠠ ᠵᠢᠨ ᠵᠠᠪᠰᠠᠷ ᠬᠠᠮᠲᠤ ᠨᠠᠶᠢᠵᠠ ᠨᠦᠬᠦᠳ ᠤᠨ ᠵᠢᠡᠨ ᠬᠤᠪᠴᠠᠰᠤ ᠬᠤᠨᠠᠷ ᠢ ᠮᠦᠨ ᠯᠠ ᠵᠡᠬᠦᠦ᠂ ᠤᠲᠠᠰᠤ᠂ ᠬᠤᠷᠤᠭᠤᠪᠴᠢ ᠭᠤᠷᠪᠡ ᠪᠡᠷ ᠵᠢᠡᠨ ᠨᠦᠬᠦᠭᠰᠡᠬᠡᠷ ᠯᠠ ᠪᠠᠶᠢᠯ᠎ᠠ᠃ ᠡᠨᠳᠡᠬᠢ ᠭᠤᠷᠪᠡᠨ ᠵᠢᠯ ᠤᠨ ᠠᠮᠢᠳᠤᠷᠠᠯ ᠲᠤᠮᠳᠠ ᠪᠡᠨ ᠲᠡᠷᠡ ᠬᠤᠵᠢᠮ ᠳ᠋ᠠᠭᠠᠨ ᠶᠠᠭᠤ ᠪᠤᠯᠤᠭᠰᠠᠨ ᠴᠤ ᠵᠠᠪᠠᠯ ᠨᠢᠬᠡ ᠤᠶᠤᠳᠠᠯᠴᠢᠨ ᠪᠤᠯᠬᠤ ᠬᠦᠰᠡᠯ ᠡᠷᠡᠮᠵᠢᠯᠡᠯ ᠵᠢᠡᠨ ᠤᠯᠠᠮ ᠯᠠᠪᠰᠢᠷᠠᠭᠤᠯᠵᠤ ᠠᠪᠴᠠᠢ᠃

1990 ᠤᠨ ᠪᠤᠯᠬᠤ ᠳ᠋ᠤ ᠲᠡᠷᠡ ᠠᠨᠭᠬ᠎ᠠ ᠲᠤᠮᠳᠠᠳᠤ ᠪᠠᠨ ᠲᠡᠬᠦᠰᠬᠡᠬᠡᠳ ᠲᠡᠭᠡᠳᠦ ᠲᠤᠮᠳᠠᠳᠤ ᠳ᠋ᠤ ᠤᠷᠤᠬᠤ ᠪᠤᠯᠵᠠᠢ᠃ ᠬᠡᠪᠡᠴᠤ ᠬᠠᠷ᠎ᠠ ᠪᠠᠭ᠎ᠠ ᠡᠴᠡ ᠪᠡᠨ ᠪᠤᠳᠤᠵᠤ ᠰᠠᠨᠠᠭᠰᠠᠭᠠᠷ ᠢᠷᠡᠭᠰᠡᠨ ᠬᠦᠰᠡᠯᠡᠡᠭ ᠨᠢ ᠲᠡᠭᠦᠨ ᠢ ᠦᠬᠡᠷ᠎ᠡ ᠵᠦᠭ ᠬᠦᠲᠦᠯᠵᠤ ᠪᠢᠯᠡ᠃ ᠮᠦᠨᠴᠤ ᠡᠨᠡᠬᠦ ᠬᠦᠰᠡᠯᠡᠡᠭ ᠨᠢ ᠲᠡᠭᠦᠨ ᠢ ᠬᠤᠯᠠ ᠵᠢᠨ ᠬᠤᠯᠠ ᠳ᠋ᠤ ᠬᠦᠷᠭᠡᠵᠤ ᠴᠢᠳᠠᠭᠰᠠᠨ ᠵᠢᠡᠷ ᠪᠠᠷᠠᠬᠤ ᠦᠭᠡᠢ ᠠᠮᠵᠢᠯᠲᠠ ᠵᠢᠨ ᠦᠨᠳᠦᠷ ᠲᠡᠭᠲᠡᠷ ᠲᠤ ᠭᠠᠷᠭᠠᠵᠤ᠂ ᠠᠷᠠᠳ ᠤᠯᠠᠨ ᠳ᠋ᠠᠭᠠᠨ ᠨᠡᠡᠭ ᠶᠡᠭᠡ ᠶ᠋ᠢ ᠬᠢᠵᠤ ᠪᠦᠲᠦᠬᠡᠵᠤ ᠴᠢᠳᠠᠭᠤᠯᠵᠠᠢ᠃ ᠲᠤᠰ ᠵᠢᠯ ᠤᠨ ᠵᠤᠨ ᠨᠤᠮᠢᠨᠬᠤᠸᠠᠷ᠂ ᠠᠪᠤ ᠵᠢᠨ ᠬᠢᠨᠢ ᠬᠠᠮᠲᠤ ᠰᠤᠷᠤᠭᠴᠢ ᠪᠤᠯᠬᠤ ᠪᠠᠭᠠᠲᠤᠷ ᠬᠡᠰᠡᠨ ᠬᠦᠮᠦᠨ ᠤ ᠬᠤᠯᠪᠤᠭ᠎ᠠ ᠪᠡᠷ ᠳᠠᠮᠵᠢᠨ ᠤᠤᠯ ᠤᠨ ᠶᠡᠭᠡ ᠵᠤᠤ ᠠᠶᠢᠮᠠᠭ ᠤᠨ ᠲᠦᠪ ᠪᠠᠶᠢᠭᠰᠠᠨ ᠳ᠋ᠦᠨᠭᠱᠸᠡᠭ ᠳ᠋ᠤ ᠢᠷᠡᠵᠤ᠂ ᠤᠤᠯ ᠤᠨ ᠶᠡᠭᠡ ᠵᠤᠤ ᠠᠶᠢᠮᠠᠭ ᠤᠨ ᠮᠤᠨᠭᠭᠤᠯ ᠦᠨᠳᠦᠰᠦᠲᠡᠨ ᠤ ᠪᠠᠭ᠎ᠠ ᠰᠤᠷᠭᠠᠭᠤᠯᠢ ᠳ᠋ᠡᠬᠢ ᠤᠶᠤᠳᠠᠯ ᠤᠨ ᠠᠨᠭᠭᠢ ᠳ᠋ᠤ ᠲᠤᠰᠬᠠᠢ ᠮᠡᠷᠬᠡᠵᠢᠯ ᠰᠤᠷᠤᠯᠴᠠᠵᠤ ᠡᠬᠢᠯᠡᠵᠡᠢ᠃ ᠠᠮᠢᠳᠤᠷᠠᠯ ᠤᠨ ᠬᠠᠲᠠᠭᠤ ᠠᠶᠠᠨ ᠢᠨᠭᠭᠢᠵᠤ ᠡᠬᠢᠯᠡᠬᠦ ᠨᠢ ᠲᠡᠷᠡ︕ ᠨᠤᠮᠢᠨᠬᠤᠸᠠᠷ ᠠᠨᠭᠬᠠᠨ ᠳ᠋ᠠᠭᠠᠨ ᠦᠪᠡᠷ ᠤᠨ ᠲᠤᠷ᠎ᠠ ᠪᠡᠷ ᠵᠢᠡᠨ ᠤᠶᠤᠵᠤ ᠰᠢᠳᠡᠳᠡᠭ ᠪᠠᠶᠢᠭᠰᠠᠨ ᠪᠤᠯ ᠡᠨᠳᠡ ᠢᠷᠡᠭᠡᠳ ᠤᠷᠠᠨᠴᠢᠮᠡᠡᠭ ᠬᠡᠬᠦ ᠪᠠᠭᠰᠢ ᠵᠢᠨ ᠬᠠᠲᠠᠭᠤ ᠰᠤᠷᠭᠠᠯ ᠲᠤᠤᠷ᠎ᠠ ᠤᠶᠤᠬᠤ᠂ ᠡᠰᠬᠡᠬᠦ᠂ ᠬᠠᠶᠢᠴᠢᠯᠠᠬᠤ ᠬᠡᠳ ᠲᠤᠰᠬᠠᠢ ᠮᠡᠷᠬᠡᠵᠢᠯ ᠤᠨ ᠵᠢᠭᠠᠨ ᠵᠢᠯᠤᠭᠤᠳᠤᠯᠭ᠎ᠠ ᠬᠦᠷᠲᠡᠵᠡᠢ᠃ ᠲᠡᠷᠡ ᠪᠠᠭᠰᠢ ᠨᠢ ᠴᠤ ᠰᠦᠷᠡᠬᠡᠢ ᠴᠢᠨᠭᠭ᠎ᠠ ᠬᠦᠮᠦᠨ ᠪᠠᠶᠢᠵᠤ᠂ ᠨᠢᠬᠡ ᠤᠳᠠᠭ᠎ᠠ ᠵᠢᠭᠠᠵᠤ ᠦᠭᠭᠦᠭᠰᠡᠨ ᠤ ᠲᠠᠷᠠᠭ᠎ᠠ ᠬᠤᠶᠠᠳᠤᠭᠠᠷ ᠤᠳᠠᠭ᠎ᠠ ᠪᠤᠷᠤᠭᠤ ᠬᠢᠪᠡᠯ ᠮᠤᠳᠤᠨ ᠱᠤᠭᠤᠮ ᠵᠢᠡᠷ ᠭᠠᠷ ᠢ ᠨᠢ ︽ᠲᠠᠰ︾ ᠬᠡᠲᠡᠯ᠎ᠡ ᠲᠠᠯᠪᠢᠬᠤ ᠨᠢ ᠶᠡᠷᠤ ᠵᠢᠨ ᠯᠡ ᠬᠡᠷᠡᠭ ᠪᠠᠶᠢᠯ᠎ᠠ᠃ ︽ᠡᠷᠳᠡᠮᠲᠤ ᠪᠠᠭᠰᠢ ᠡᠴᠡ ᠨᠤᠮ ᠲᠠᠢ ᠱᠠᠪᠢ︾ ᠬᠡᠳᠡᠭᠴᠢᠯᠡᠨ ᠤᠷᠠᠨᠴᠢᠮᠡᠭ ᠪᠠᠭᠰᠢ ᠵᠢᠨ ᠲᠤᠤᠷ᠎ᠠ ᠬᠠᠭᠠᠰ ᠵᠢᠯ ᠬᠦᠴᠦ ᠲᠠᠯᠪᠢᠨ ᠰᠤᠷᠤᠯᠴᠠᠭᠰᠠᠨ ᠤ ᠳ᠋ᠦᠡᠭ ᠳ᠋ᠤ ᠨᠤᠮᠢᠨᠬᠤᠸᠠᠷ ᠤᠨ ᠤᠶᠤᠵᠤ᠂ ᠡᠰᠬᠡᠬᠦ ᠨᠢ ᠤᠯᠠᠨ ᠡᠴᠡ ᠤᠷᠤᠶᠢᠯᠠᠵᠤ᠂ ᠬᠠᠮᠲᠤ ᠰᠤᠷᠤᠭᠴᠢᠳ ᠵᠢᠴᠢ ᠪᠠᠭᠰᠢ ᠵᠢᠨ ᠵᠢᠡᠨ ᠮᠠᠭᠲᠠᠭᠠᠯ ᠰᠠᠶᠢᠰᠢᠶᠠᠯ ᠢ ᠬᠦᠷᠲᠡᠵᠤ ᠴᠢᠳᠠᠵᠠᠢ᠃ ︽ᠤᠷᠤᠯᠳᠤᠯᠭ᠎ᠠ ᠰᠠᠶᠢᠲᠤ ᠤᠷᠤᠢ ᠳ᠋ᠤ ᠨᠢ ᠭᠠᠷᠤᠨ᠎ᠠ︾ ᠬᠡᠳᠡᠭ ᠤᠨᠤᠭᠠᠵᠤ ᠬᠡᠯᠡᠭᠰᠡᠨ ᠦᠭᠡ᠃ ᠨᠤᠮᠢᠨᠬᠤᠸᠠᠷ ᠤᠨ ᠡᠨᠡᠬᠦ ᠬᠠᠭᠠᠰ ᠵᠢᠯ ᠤᠨ ᠬᠦᠴᠦ ᠲᠠᠯᠪᠢᠨ ᠰᠤᠷᠤᠯᠴᠠᠭᠰᠠᠨ ᠤ ᠦᠷ᠎ᠡ ᠳ᠋ᠦᠡᠭ ᠨᠢ ᠤᠯᠠᠨ ᠳ᠋ᠤ ᠲᠠᠨᠢᠭᠳᠠᠵᠤ ᠴᠢᠳᠠᠭᠰᠠᠨ ᠡᠴᠡ ᠠᠵᠠ ᠵᠠᠪᠰᠢᠶᠠᠨ ᠪᠠᠰᠠ ᠲᠡᠭᠦᠨ ᠢ ᠬᠦᠯᠢᠶᠡᠵᠤ ᠪᠠᠶᠢᠭᠰᠠᠨ ᠠᠵᠢ᠃ 1990 ᠤᠨ ᠤ ᠡᠪᠦᠯ ᠲᠤᠮᠳᠠᠳᠤ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠨᠢ ᠦᠪᠦᠷ ᠮᠤᠨᠭᠭᠤᠯ ᠤᠷᠤᠨ ᠤ ᠡᠯ᠎ᠡ ᠠᠶᠢᠮᠠᠭ ᠬᠤᠲᠠ ᠡᠴᠡ ᠤᠶᠤᠳᠠᠯ ᠦᠢᠯᠡ ᠳ᠋ᠤ ᠴᠠᠭᠠᠷᠠᠭᠰᠠᠨ ᠵᠠᠯᠠᠭᠤ ᠬᠦᠮᠦᠰ ᠢ ᠴᠤᠭᠯᠠᠭᠤᠯᠤᠨ᠂ ᠨᠡᠶᠢᠰᠯᠡᠯ ᠪᠡᠬᠡᠵᠢᠡᠭ ᠳ᠋ᠤ ᠠᠪᠴᠢᠷᠠᠨ᠂ ᠲᠤᠮᠳᠠᠳᠤ ᠤᠯᠤᠰ ᠤᠨ ᠲᠠᠪᠢᠨ ᠵᠢᠷᠭᠤᠭᠠᠨ ᠦᠨᠳᠦᠰᠦᠲᠡᠨ ᠤ ᠬᠤᠪᠴᠠᠰᠤ ᠵᠠᠰᠠᠯ ᠢ ᠤᠶᠤᠭᠤᠯᠬᠤ ᠠᠵᠢᠯ ᠭᠠᠷᠤᠭᠰᠠᠨ ᠪᠠᠶᠢᠯ᠎ᠠ᠃ ᠡᠶᠢᠮᠤ ᠰᠠᠶᠢᠬᠠᠨ ᠠᠵᠠ ᠲᠤᠬᠢᠶᠠᠯ ᠳ᠋ᠤ ᠶᠡᠭᠡ ᠵᠤᠤ ᠠᠶᠢᠮᠠᠭ ᠡᠴᠡ ᠭᠤᠷᠪᠡᠬᠠᠨ ᠬᠦᠮᠦᠨ ᠶᠠᠪᠤᠭᠰᠠᠨ ᠤ ᠲᠤᠳᠤᠷ᠎ᠠ ᠨᠤᠮᠢᠨᠬᠤᠸᠠᠷ ᠪᠠᠭᠲᠠᠯᠴᠠᠭᠰᠠᠨ ᠨᠢ ᠶᠠᠭᠤᠳᠠᠢ ᠪᠠᠶᠠᠷ᠃

ᠠᠪᠤ ᠨᠢ ᠡᠨᠡ ᠰᠠᠶᠢᠬᠠᠨ ᠴᠢᠮᠡᠬᠡ ᠶ᠋ᠢ ᠰᠤᠨᠤᠰᠤᠭᠠᠳ ᠠᠶᠢᠯ ᠠᠶᠢᠮᠠᠭ᠂ ᠲᠦᠷᠦᠯ ᠰᠠᠳᠤᠨ ᠡᠴᠡ ᠪᠡᠨ 500 ᠲᠦᠬᠦᠷᠢᠭ ᠵᠢᠬᠡᠯᠡᠵᠤ ᠴᠤᠭᠯᠠᠭᠤᠯᠤᠨ᠂ ᠠᠮᠢᠨ ᠤ ᠪᠡᠨ ᠬᠠᠳᠠᠭᠠᠯᠠᠮᠵᠢ ᠳ᠋ᠤ ᠪᠠᠶᠢᠭᠰᠠᠨ ᠪᠦᠬᠦ ᠵᠤᠭᠤᠰ 1000 ᠲᠦᠬᠦᠷᠢᠭ ᠵᠢᠡᠨ ᠭᠠᠷᠭᠠᠨ᠂ ᠠᠨᠭᠭ᠎ᠠ ᠦᠬᠢᠨ ᠤ ᠪᠡᠨ ᠢᠷᠡᠭᠡᠳᠦᠢ ᠵᠢᠨ ᠵᠠᠮ ᠨᠢ ᠰᠠᠷᠠᠭᠤᠯ ᠪᠤᠯᠲᠤᠭᠠᠢ ᠬᠡᠮᠡᠨ ᠠᠯᠤᠰ ᠬᠤᠯᠠ ᠪᠦᠷᠢᠳᠦ ᠨᠤᠲᠤᠭ ᠡᠴᠡ ᠮᠤᠷᠢ ᠤᠨᠤᠵᠤ ᠳ᠋ᠦᠨᠭᠱᠸᠡᠭ ᠳ᠋ᠤ ᠬᠦᠷᠬᠡᠵᠤ ᠢᠷᠡᠭᠰᠡᠨ ᠪᠠᠶᠢᠯ᠎ᠠ᠃ ᠦᠭᠢᠨ ᠦᠷ᠎ᠡ ᠨᠢ ᠪᠤᠯᠤᠭᠰᠠᠨ ᠨᠤᠮᠢᠨᠬᠤᠸᠠᠷ ᠡᠬᠦᠨ ᠳ᠋ᠤ ᠲᠡᠰᠴᠤ ᠴᠢᠳᠠᠯ ᠦᠭᠡᠢ ᠨᠢᠯᠪᠤᠰᠤ ᠪᠦᠮᠪᠦᠷᠢᠬᠦᠯᠦᠭᠰᠡᠨ ᠬᠡᠳᠡᠭ᠃ ᠲᠡᠭᠡᠭᠡᠳ ᠯᠠ ᠪᠡᠭᠡᠵᠢᠡᠭ ᠡᠴᠡ ᠲᠡᠳᠡᠨ ᠢ ᠲᠤᠰᠬᠤ ᠪᠡᠷ ᠢᠷᠡᠭᠰᠡᠨ ᠬᠦᠮᠦᠨ ᠲᠠᠢ ᠬᠠᠮᠲᠤ ᠠᠶᠠᠨᠴᠢᠨ ᠤ ᠮᠠᠰᠢᠨ ᠳ᠋ᠤ ᠭᠠᠷᠴᠤ ᠪᠤᠭᠤᠲᠤ ᠬᠤᠲᠠ ᠬᠦᠷᠦᠨ᠂ ᠲᠠᠬᠢᠭᠠᠳ ᠲᠡᠨᠳᠡ ᠡᠴᠡ ᠴᠢᠨᠠᠭᠰᠢ ᠨᠡᠶᠢᠰᠯᠡᠯ ᠪᠡᠬᠡᠵᠢᠡᠭ ᠤᠷᠤᠲᠠᠯ᠎ᠠ ᠠᠨᠭᠬ᠎ᠠ ᠤᠳᠠᠭ᠎ᠠ ᠪᠡᠨ ᠭᠠᠯᠲᠤ ᠲᠡᠷᠭᠡᠨ ᠳ᠋ᠤ ᠰᠠᠭᠤᠵᠤ ᠪᠠᠶᠢᠭ᠎ᠠ ᠨᠢ ᠲᠡᠷᠡ᠃ 20 ᠭᠠᠷᠤᠢ ᠴᠠᠭ ᠰᠠᠵᠢᠯᠠᠭᠤᠯᠤᠨ ᠪᠠᠶᠢᠵᠤ ᠪᠡᠬᠡᠵᠢᠡᠭ ᠤᠷᠤᠭᠰᠠᠨ ᠡᠨᠡ ᠬᠡᠳᠦᠨ ᠬᠦᠮᠦᠨ ᠢ ᠲᠤᠮᠳᠠᠳᠤ ᠤᠯᠤᠰ ᠤᠨ ᠦᠨᠳᠦᠰᠦᠲᠡᠨ ᠤ ᠬᠡᠷᠡᠭ ᠡᠷᠬᠢᠯᠡᠬᠦ ᠵᠦᠪᠯᠡᠯ ᠡᠴᠡ ᠨᠡᠶᠢᠰᠯᠡᠯ ᠤᠨ ᠪᠠᠷᠠᠭᠤᠨ ᠪᠡᠶ᠎ᠡ ᠪᠡᠷ ᠤᠷᠤᠰᠢᠬᠤ ᠰᠢ ᠵᠢᠡᠭ ᠱᠠᠨ ᠲᠤᠭᠤᠷᠢᠭ ᠤᠨ ᠨᠢᠬᠡ ᠦᠢᠯᠡᠳᠪᠦᠷᠢ ᠵᠢᠨ ᠲᠠᠰᠤᠭ ᠲᠤ ᠠᠪᠴᠢᠷᠠᠨ 2 ᠵᠢᠯ ᠤᠨ ᠰᠤᠷᠤᠯᠴᠠᠯᠭ᠎ᠠ ᠪᠠ ᠤᠶᠤᠳᠠᠯ ᠤᠨ ᠠᠵᠢᠯ ᠳ᠋ᠤ ᠲᠤᠬᠢᠷᠠᠭᠤᠯᠵᠠᠢ᠃

ᠲᠡᠭᠡᠬᠦ ᠳ᠋ᠤ ᠡᠳᠡᠨ ᠤ ᠨᠢᠬᠡ ᠠᠨᠭᠭᠢ ᠳ᠋ᠤ ᠭᠤᠴᠢ ᠭᠠᠷᠤᠢ ᠬᠦᠮᠦᠨ ᠪᠠᠶᠢᠵᠤ᠂ ᠴᠦᠮ ᠦᠪᠦᠷ ᠮᠤᠨᠭᠭᠤᠯ ᠤᠷᠤᠨ ᠤ ᠡᠯ᠎ᠡ ᠠᠶᠢᠮᠠᠭ ᠬᠤᠲᠠ ᠡᠴᠡ ᠴᠤᠯᠭᠤᠷᠠᠵᠤ ᠭᠠᠷᠤᠭᠰᠠᠨ ᠤᠶᠤᠳᠠᠯᠴᠢᠨ ᠪᠠᠶᠢᠭᠰᠠᠨ᠂ ᠬᠠᠷᠢᠨ ᠨᠢᠬᠡ ᠰᠠᠶᠢᠨ ᠶᠠᠪᠤᠳᠠᠯ ᠨᠢ ᠬᠡᠪᠡᠯ ᠠᠮᠢᠳᠤᠷᠠᠯ ᠶᠠᠳᠠᠭᠤ ᠪᠠᠶᠢᠭᠰᠠᠨ ᠲᠡᠳᠡᠨ ᠳ᠋ᠤ ᠨᠢᠬᠡ ᠰᠠᠷ᠎ᠠ ᠳ᠋ᠠᠭᠠᠨ 60 ᠲᠦᠬᠦᠷᠢᠭ ᠤᠨ ᠨᠦᠬᠦᠪᠦᠷᠢ ᠲᠠᠢ ᠪᠦᠭᠡᠳ ᠢᠳᠡᠵᠤ᠂ ᠰᠠᠭᠤᠬᠤ ᠲᠠᠯ᠎ᠠ ᠪᠡᠷ ᠲᠡᠭᠡᠷ᠎ᠡ ᠡᠴᠡ ᠲᠤᠬᠢᠷᠠᠭᠤᠯᠤᠯᠲᠠ ᠲᠠᠢ᠃ ᠢᠨᠭᠭᠢᠭᠡᠳ ᠯᠠ ᠨᠤᠮᠢᠨᠬᠤᠸᠠᠷ ᠤᠨ ᠪᠡᠭᠡᠵᠢᠡᠭ ᠳ᠋ᠡᠬᠢ ᠠᠮᠢᠳᠤᠷᠠᠯ ᠰᠤᠷᠤᠯᠴᠠᠯᠭ᠎ᠠ ᠡᠬᠢᠯᠡᠯ᠎ᠠ᠃ ᠬᠦᠯ ᠤᠨ ᠬᠦᠴᠦ ᠪᠡᠷ ᠠᠵᠢᠯᠯᠠᠭᠤᠯᠳᠠᠭ ᠪᠠᠶᠢᠭᠰᠠᠨ ᠤᠶᠤᠳᠠᠯ ᠤᠨ ᠮᠠᠰᠢᠨ ᠡᠴᠡ ᠪᠡᠨ ᠴᠠᠬᠢᠯᠭᠠᠨ ᠤᠶᠤᠳᠠᠯ ᠤᠨ ᠮᠠᠰᠢᠨ ᠳ᠋ᠤ ᠰᠢᠯᠵᠢᠵᠤ᠂ ᠨᠢᠬᠡ ᠬᠤᠪᠴᠠᠰᠤ ᠶ᠋ᠢ ᠵᠢᠷᠤᠵᠤ ᠲᠦᠯᠥᠪᠯᠡᠨ᠂ ᠡᠰᠬᠡᠵᠤ ᠬᠠᠶᠢᠴᠢᠯᠠᠬᠤ᠂ ᠤᠶᠤᠵᠤ ᠭᠠᠷᠭᠠᠬᠤ ᠬᠦᠷᠲᠡᠯ᠎ᠡ ᠵᠦᠪᠬᠡᠨ ᠨᠢᠬᠡ ᠬᠦᠮᠦᠨ ᠬᠢᠳᠡᠭ ᠪᠠᠶᠢᠭᠰᠠᠨ ᠪᠤᠯ ᠠᠵᠢᠯ ᠤᠨ ᠬᠤᠪᠢᠶᠠᠷᠯᠠᠯ ᠲᠤᠳᠤᠷᠬᠠᠢ᠂ ᠬᠡᠨ ᠨᠢ ᠠᠯᠢ ᠬᠡᠰᠡᠭ ᠢ ᠬᠢᠬᠦ ᠬᠦᠷᠲᠡᠯ᠎ᠡ ᠨᠠᠷᠢᠨ ᠨᠢᠮᠪᠡᠢ ᠬᠤᠪᠢᠶᠠᠷᠯᠠᠯ ᠲᠠᠢ ᠪᠤᠯᠬᠤ ᠶ᠋ᠢ ᠦᠵᠡᠭᠰᠡᠨ ᠨᠤᠮᠢᠨᠬᠤᠸᠠᠷ ᠨᠡᠡᠭ ᠶᠡᠭᠡ ᠵᠤᠷᠢᠭ ᠤᠷᠤᠵᠠᠢ᠃ ᠡᠨᠳᠡ ᠲᠡᠷᠡ ᠵᠦᠪᠬᠡᠨ ᠤᠶᠤᠵᠤ ᠬᠠᠶᠢᠴᠢᠯᠠᠬᠤ ᠡᠴᠡ ᠭᠠᠳᠠᠨ᠎ᠠ ᠵᠢᠷᠤᠭ ᠲᠦᠯᠥᠪᠯᠡᠬᠡ ᠭᠠᠷᠭᠠᠬᠤ᠂ ᠤᠶᠤᠵᠤ ᠡᠰᠬᠡᠬᠦ᠂ ᠬᠡ ᠤᠭᠠᠯᠵᠠ ᠵᠢᠷᠤᠬᠤ᠂ ᠭᠠᠷ ᠤᠷᠠᠯᠠᠯ ᠤᠨ ᠪᠦᠲᠦᠬᠡᠭᠳᠡᠬᠦᠨ ᠭᠠᠷᠭᠠᠬᠤ ᠬᠡᠳ ᠪᠢᠰᠢᠬᠦᠢ ᠤᠯᠠᠨ ᠢ ᠰᠤᠷᠴᠤ ᠡᠵᠡᠮᠰᠢᠨ᠂ ᠡᠳᠦᠷ ᠰᠦᠨᠢ ᠵᠢᠨ ᠬᠤᠷᠢᠨ ᠲᠦᠷᠪᠡᠨ ᠴᠠᠭ᠂ ᠡᠪᠤᠯ ᠵᠤᠨ ᠤ ᠵᠢᠯ ᠤᠨ ᠲᠦᠷᠪᠡᠨ ᠤᠯᠠᠷᠢᠯ ᠬᠡᠭᠴᠢ ᠮᠠᠰᠢ ᠬᠤᠷᠳᠤᠨ ᠵᠢᠡᠷ ᠤᠷᠤᠰᠤᠨ ᠦᠨᠭᠬᠡᠷᠡᠭᠰᠡᠨ ᠮᠡᠲᠤ ᠮᠡᠳᠡᠭᠳᠡᠵᠤ ᠪᠠᠶᠢᠯ᠎ᠠ᠃

ᠲᠡᠳᠡᠨ ᠤ ᠬᠢᠵᠤ ᠭᠠᠷᠭᠠᠭᠰᠠᠨ ᠲᠠᠪᠢᠨ ᠵᠢᠷᠭᠤᠭᠠᠨ ᠦᠨᠳᠦᠰᠦᠲᠡᠨ ᠤ ᠬᠤᠪᠴᠠᠰᠤ ᠵᠠᠰᠠᠯ ᠢ ᠭᠤᠤᠯᠳᠠᠭᠤ ᠲᠦᠪ ᠲᠸᠯᠸᠢᠰ ᠤᠨ ᠴᠠᠭᠠᠨ ᠰᠠᠷ᠎ᠠ ᠵᠢᠨ ᠦᠳᠡᠰᠢᠯᠡᠬᠡ ᠳ᠋ᠤ ᠬᠡᠷᠡᠭᠯᠡᠬᠦ ᠪᠤᠯᠬᠤᠷ ᠡᠨᠡ ᠨᠢ ᠪᠦᠬᠦ ᠤᠯᠤᠰ ᠲᠤ ᠠᠨᠭᠬᠠᠳᠠᠭᠴᠢ ᠵᠢᠰᠢᠶ᠎ᠠ ᠪᠤᠯᠵᠠᠢ᠃ ᠡᠨᠳᠡ ᠪᠠᠶᠢᠬᠤ ᠬᠤᠭᠤᠴᠠᠭᠠᠨ ᠳ᠋ᠤ ᠨᠤᠮᠢᠨᠬᠤᠸᠠᠷ ᠬᠠᠮᠤᠭ ᠡᠴᠡ ᠢᠯᠡᠬᠦᠦ ᠰᠤᠷᠴᠤ ᠮᠡᠳᠡᠭᠰᠡᠨ ᠵᠦᠢᠯ ᠬᠡᠪᠡᠯ ᠵᠢᠷᠤᠭ ᠲᠦᠯᠥᠪᠯᠡᠬᠡ ᠭᠠᠷᠭᠠᠬᠤ ᠪᠠᠶᠢᠯ᠎ᠠ᠃ ᠬᠡᠯᠡᠯᠬᠡᠨ ᠦᠭᠡᠢ ᠠᠯᠢᠪᠠ ᠠᠵᠢᠯ ᠲᠦᠷᠦᠯ ᠳ᠋ᠤ ᠵᠠᠪᠠᠯ ᠰᠢᠨᠡᠴᠢᠯᠡᠯᠲᠡ ᠪᠠᠶᠢᠬᠤ ᠬᠡᠷᠡᠭᠲᠡᠢ᠂ ᠤᠯᠠᠮᠵᠢᠯᠠᠯ ᠵᠢᠡᠨ ᠶᠠᠭᠰᠢᠷᠠᠲᠠᠯ᠎ᠠ ᠪᠠᠷᠢᠮᠲᠠᠯᠠᠭᠠᠳ ᠪᠠᠶᠢᠪᠠᠯ ᠨᠢᠰᠬᠦ ᠮᠡᠲᠤ ᠬᠦᠭᠵᠢᠵᠤ ᠪᠠᠶᠢᠭ᠎ᠠ ᠡᠨᠡ ᠴᠠᠭ ᠡᠴᠡ ᠬᠤᠴᠤᠷᠤᠭᠳᠠᠨ ᠬᠤᠭ ᠤᠨ ᠰᠠᠪᠠᠨ ᠳ᠋ᠤ ᠦᠯᠡᠳᠡᠬᠦ ᠨᠢ ᠮᠡᠳᠡᠬᠡᠵᠢ ᠵᠢᠨ ᠬᠡᠷᠡᠭ᠃ ᠨᠤᠮᠢᠨᠬᠤᠸᠠᠷ ᠦᠨᠳᠦᠰᠦᠲᠡᠨ ᠤ ᠤᠯᠠᠮᠵᠢᠯᠠᠯᠲᠤ ᠬᠤᠪᠴᠠᠰᠤ ᠵᠠᠰᠠᠯ ᠤᠨ ᠬᠡ ᠤᠭᠠᠯᠵᠠ ᠵᠢᠴᠢ ᠬᠡᠪ ᠵᠠᠭᠪᠤᠷ ᠲᠠᠢ ᠦᠷᠦᠨᠡᠳᠠᠬᠢᠨ ᠤ ᠬᠦᠮᠦᠰ ᠤᠨ ᠬᠦᠭᠡᠭᠡᠴᠡᠯᠳᠦᠯ ᠪᠤᠯᠤᠭᠰᠠᠨ ᠤᠷᠠᠯᠢᠭ ᠤᠨ ᠬᠡᠪ ᠨᠠᠮᠪᠠ ᠶ᠋ᠢ ᠤᠷᠭᠠᠨᠢᠭ ᠵᠢᠡᠷ ᠤᠶᠠᠯᠳᠤᠭᠤᠯᠤᠨ ᠰᠢᠨ᠎ᠡ ᠰᠤᠳᠤᠨ ᠬᠤᠪᠴᠠᠰᠤ ᠵᠠᠰᠠᠯ ᠢ ᠬᠢᠵᠦ ᠡᠬᠢᠯᠡᠬᠦᠯᠥᠭᠰᠡᠨ ᠨᠢ ᠲᠡᠭᠦᠨ ᠤ ᠬᠤᠵᠢᠮ ᠤᠨ ᠵᠠᠮ ᠳ᠋ᠤ ᠨᠡᠡᠭ ᠶᠡᠭᠡ ᠰᠠᠭᠤᠷᠢ ᠪᠤᠯᠵᠠᠢ᠃ ᠠᠮᠢᠳᠤᠷᠠᠯ ᠤᠨ ᠵᠠᠮ ᠬᠡᠳᠡᠭ ᠬᠡᠵᠢᠶᠡᠳᠡ ᠪᠡᠨ ᠪᠡᠯᠡᠳᠬᠡᠯ ᠲᠠᠢ ᠬᠦᠮᠦᠨ ᠳ᠋ᠤ ᠰᠢᠭᠤᠳ ᠰᠢᠯᠤᠭᠤᠨ ᠪᠠᠶᠢᠳᠠᠭ᠃ ᠨᠤᠮᠢᠨᠬᠤᠸᠠᠷ ᠶᠠᠭ ᠢᠨᠭᠭᠢᠵᠤ ᠰᠢᠨ᠎ᠡ ᠶ᠋ᠢ ᠡᠬᠦᠳᠴᠤ ᠬᠢᠬᠦ ᠪᠡᠷ ᠪᠠᠷᠠᠬᠤ ᠦᠭᠡᠢ ᠦᠪᠡᠷ ᠤᠨ ᠠᠵᠢᠯ ᠦᠢᠯᠡᠰ ᠲᠡᠭᠡᠨ ᠰᠢᠷᠭᠠᠭᠤ ᠪᠠᠶᠢᠭᠰᠠᠨ ᠡᠴᠡ ᠬᠤᠶᠠᠷ ᠵᠢᠯ ᠤᠨ ᠰᠤᠷᠤᠯᠴᠠᠯᠭ᠎ᠠ ᠳᠠᠭᠤᠰᠤᠨᠭᠭᠤᠳᠠ ᠪᠡᠨ ᠪᠡᠬᠡᠵᠢᠡᠭ ᠳ᠋ᠡᠬᠢ︽ᠬᠤᠸᠠᠡᠭ ᠴᠤᠤ ᠬᠤᠪᠴᠠᠰᠤ ᠵᠠᠰᠠᠯ ᠤᠨ ᠺᠤᠮᠫᠠᠨᠢ︾ᠳ᠋ᠤ ᠤᠷᠢᠭᠳᠠᠨ ᠠᠵᠢᠯᠯᠠᠵᠠᠢ᠃

ᠡᠨᠡ ᠺᠤᠮᠫᠠᠨᠢ ᠲᠡᠭᠦᠨ ᠳ᠋ᠤ ᠰᠠᠷ᠎ᠠ ᠪᠦᠷᠢ 320 ᠲᠦᠬᠦᠷᠢᠭ ᠤᠨ ᠴᠠᠯᠢᠡᠭ ᠤᠯᠭᠤᠭᠰᠠᠨ ᠡᠴᠡ ᠠᠮᠢᠳᠤᠷᠠᠯ ᠳ᠋ᠤ ᠨᠢ ᠶᠡᠬᠡᠬᠡᠨ ᠳᠡᠮᠵᠢᠯᠬᠡ ᠪᠤᠯᠵᠤ᠂ ᠠᠵᠢᠯ ᠤᠨ ᠲᠠᠯ᠎ᠠ ᠪᠡᠷ ᠤᠯᠠᠮ ᠢᠯᠡᠬᠦᠦ ᠴᠢᠷᠮᠡᠶᠢᠨ ᠠᠵᠢᠯᠯᠠᠬᠤ ᠪᠤᠯᠵᠠᠢ᠃ ᠡᠨᠡᠬᠦ ᠺᠤᠮᠫᠠᠨᠢ ᠨᠢ ᠪᠡᠬᠡᠵᠢᠡᠭ ᠳ᠋ᠡᠬᠢ ᠴᠤᠷ ᠤᠨ ᠭᠠᠭᠴᠠ ᠲᠠᠪᠢᠨ ᠵᠢᠷᠭᠤᠭᠠᠨ ᠦᠨᠳᠦᠰᠦᠲᠡᠨ ᠤ ᠬᠤᠪᠴᠠᠰᠤ ᠵᠠᠰᠠᠯ ᠢ ᠬᠢᠳᠡᠭ ᠮᠦᠷᠲᠡᠭᠡᠨ ᠲᠡᠳᠡᠨ ᠤ ᠬᠤᠪᠴᠠᠰᠤ ᠵᠠᠰᠠᠯ ᠨᠢ ᠮᠦᠨ ᠲᠦᠪ ᠲᠸᠯᠸᠢᠰ ᠤᠨ ᠴᠠᠭᠠᠨ ᠰᠠᠷ᠎ᠠ ᠵᠢᠨ ᠦᠳᠡᠰᠢᠯᠡᠬᠡ ᠡᠴᠡ ᠭᠠᠳᠠᠨ᠎ᠠ ᠭᠠᠳᠠᠭᠠᠳᠤ ᠤᠯᠤᠰ ᠤᠨ ᠬᠦᠮᠦᠨ ᠤ ᠪᠠᠷᠠᠭ᠎ᠠ ᠰᠤᠨᠭᠭᠤᠯᠲᠠ ᠪᠤᠯᠵᠤ᠂ ᠡᠯ᠎ᠡ ᠲᠠᠶᠢᠰᠠᠨ ᠤ ᠵᠦᠴᠦᠬᠡ᠂ ᠺᠢᠨᠣ᠋ ᠵᠦᠴᠦᠬᠡ ᠵᠢᠨ ᠬᠤᠪᠴᠠᠰᠤ ᠵᠠᠰᠠᠯ ᠢ ᠬᠢᠳᠡᠭ ᠪᠠᠶᠢᠨ᠎ᠠ᠃ ᠬᠡᠪᠡᠴᠤ ᠬᠦᠮᠦᠨ ᠬᠡᠳᠡᠭ ᠮᠠᠰᠢᠨ ᠪᠢᠰᠢ ᠪᠤᠯᠤᠭᠰᠠᠨ ᠬᠤᠶᠢᠨ᠎ᠠ ᠶᠠᠳᠠᠷᠠᠵᠤ ᠵᠦᠳᠡᠷᠡᠨ᠎ᠡ ᠬᠡᠳᠡᠭ ᠪᠠᠶᠢᠨᠭᠭᠤ ᠵᠢᠨ ᠬᠢᠳᠡᠯ᠂ ᠲᠤᠰ ᠺᠤᠮᠫᠠᠨᠢ ᠨᠢ ᠡᠯ᠎ᠡ ᠦᠨᠳᠦᠰᠦᠲᠡᠨ ᠤ ᠬᠤᠪᠴᠠᠰᠤ ᠵᠠᠰᠠᠯ ᠢ ᠬᠢᠳᠡᠭ ᠪᠡᠬᠡᠵᠢᠡᠭ ᠳ᠋ᠡᠬᠢ ᠴᠤᠷ ᠤᠨ ᠭᠠᠭᠴᠠ ᠰᠤᠨᠭᠭᠤᠯᠲᠠ ᠪᠤᠯᠤᠭᠰᠠᠨ ᠤ ᠬᠤᠪᠢ ᠳ᠋ᠤ ᠲᠡᠳᠡᠨ ᠢ ᠡᠷᠢᠵᠤ ᠵᠠᠬᠢᠶᠠᠯᠭ᠎ᠠ ᠬᠢᠳᠡᠭ ᠨᠢ ᠮᠦᠨ ᠮᠠᠰᠢ ᠤᠯᠠᠨ ᠪᠠᠶᠢᠯ᠎ᠠ᠂ ᠨᠡᠡᠭ ᠴᠤ ᠴᠠᠭᠠᠨ ᠰᠠᠷ᠎ᠠ ᠵᠢᠨ ᠡᠮᠦᠨ᠎ᠡ ᠨᠢᠬᠡ ᠰᠠᠷ᠎ᠠ ᠪᠤᠯ ᠡᠳᠡᠬᠡᠷ ᠬᠦᠮᠦᠰ ᠤᠨ ᠮᠠᠯᠠᠭᠠᠢ ᠪᠡᠨ ᠠᠪᠬᠤ ᠵᠠᠪ ᠦᠭᠡᠢ ᠠᠵᠢᠯᠯᠠᠳᠠᠭ ᠨᠢᠬᠡ ᠰᠠᠷ᠎ᠠ ᠪᠠᠶᠢᠯ᠎ᠠ᠃ ᠡᠨᠳᠡ ᠪᠠᠶᠢᠬᠤ ᠬᠤᠭᠤᠴᠠᠭᠠᠨ ᠳ᠋ᠤ ᠨᠤᠮᠢᠨᠬᠤᠸᠠᠷ ᠵᠠᠯᠭ᠎ᠠ ᠪᠡᠷ ᠬᠤᠷᠢᠨ ᠴᠠᠭ ᠠᠵᠢᠯᠯᠠᠵᠤ᠂ ᠭᠤᠷᠪᠠ ᠤᠳᠠᠭ᠎ᠠ ᠮᠠᠨᠠᠠᠷᠠᠵᠤ ᠤᠨᠠᠭᠰᠠᠨ ᠲᠡᠤᠬᠡ ᠲᠠᠢ᠃ ᠬᠡᠪᠡᠴᠤ ᠡᠨᠡ ᠪᠦᠬᠦᠨ ᠲᠡᠭᠦᠨ ᠳ᠋ᠤ ᠬᠤᠵᠢᠮ ᠤᠨ ᠬᠢᠨᠢ ᠵᠠᠮ ᠢ ᠤᠯᠠᠮ ᠰᠢᠯᠤᠭᠤᠳᠬᠠᠰᠠᠭᠠᠷ ᠪᠠᠶᠢᠯ᠎ᠠ᠃

ᠬᠡᠳᠦᠨ ᠵᠢᠯ ᠤᠨ ᠰᠢᠷᠭᠠᠭᠤ ᠴᠢᠷᠮᠠᠶᠢᠯᠠᠭ᠎ᠠ ᠵᠢᠴᠢ ᠤᠬᠠᠭᠠᠨ ᠰᠡᠷᠬᠡᠭ ᠠᠵᠢᠯᠯᠠᠭᠰᠠᠨ ᠤ ᠠᠴᠢ ᠪᠡᠷ ᠲᠡᠷᠡ ᠮᠠᠨᠢ ᠠᠨᠭᠬᠠᠨ ᠳ᠋ᠠᠭᠠᠨ ᠤᠶᠤᠳᠠᠯᠴᠢᠨ ᠵᠢᠡᠷ ᠠᠵᠢᠯᠯᠠᠵᠤ ᠪᠠᠶᠢᠭᠰᠠᠨ ᠡᠴᠡ ᠪᠡᠨ ᠳᠡᠰ ᠲᠡᠪᠰᠢᠵᠤ ᠦᠢᠯᠡᠳᠪᠦᠷᠢᠯᠡᠯ ᠤᠨ ᠲᠠᠰᠤᠭ ᠤᠨ ᠲᠠᠰᠤᠭ ᠤᠨ ᠲᠠᠷᠤᠭ᠎ᠠ ᠪᠤᠯᠵᠤ᠂ ᠡᠨᠡ ᠺᠤᠮᠫᠠᠨᠢ ᠡᠴᠡ ᠭᠠᠷᠬᠤ ᠬᠤᠪᠴᠠᠰᠤ ᠪᠤᠯᠭᠠᠨ ᠲᠡᠭᠦᠨ ᠤ ᠭᠠᠷ ᠢ ᠳᠠᠮᠵᠢᠬᠤ ᠪᠤᠯᠵᠠᠢ᠂ ᠨᠡᠡᠭ ᠴᠤ ᠡᠬᠦᠨ ᠤ ᠰᠠᠭᠤᠷᠢᠨ ᠲᠡᠭᠡᠷ᠎ᠡ ᠲᠡᠭᠦᠨ ᠤ ᠠᠵᠢᠯ ᠤᠨ ᠴᠠᠭ ᠨᠢ ᠪᠠᠬᠠᠨ ᠰᠡᠯᠡᠬᠦᠦ ᠪᠤᠯᠤᠭᠰᠠᠨ ᠡᠴᠡ ᠲᠡᠷᠡ ᠮᠦᠴᠡ ᠪᠦᠬᠦᠨ ᠢ ᠨᠠᠨᠳᠢᠨᠭᠨᠠᠨ ᠵᠢᠷᠤᠭ ᠲᠦᠯᠥᠪᠯᠡᠬᠡ ᠭᠠᠷᠭᠠᠬᠤ ᠳ᠋ᠤ ᠵᠠᠷᠤᠴᠠᠭᠤᠯᠵᠠᠢ᠃ ᠬᠦᠭᠵᠢᠯᠲᠠ ᠰᠢᠨᠡᠴᠢᠯᠡᠯᠲᠡ ᠬᠡᠳᠡᠭ ᠶᠠᠭᠤ ᠬᠠᠢ ᠦᠭᠡᠢ ᠨᠦᠷᠢᠵᠤ ᠢᠷᠡᠭᠰᠡᠨ ᠬᠤᠷᠢᠨ ᠨᠢᠬᠡᠳᠦᠬᠡᠷ ᠵᠠᠭᠤᠨ ᠤ ᠪᠤᠱᠤᠭ᠎ᠠ ᠢᠨᠭᠭᠢᠵᠤ ᠪᠢᠳᠠᠨ ᠤ ᠬᠠᠵᠠᠭᠤ ᠳ᠋ᠤ ᠢᠷᠡᠬᠦ ᠳ᠋ᠤ ᠨᠤᠮᠢᠨᠬᠤᠸᠠᠷ ᠴᠠᠭ ᠦᠶ᠎ᠡ ᠵᠢᠨ ᠬᠡᠷᠡᠭᠴᠡᠭᠡ ᠱᠠᠭᠠᠷᠳᠠᠯᠭ᠎ᠠ ᠳ᠋ᠤ ᠵᠤᠬᠢᠴᠠᠭᠤᠯᠤᠨ᠂ ᠮᠠᠰᠢ ᠤᠯᠠᠨ ᠬᠡᠯᠪᠡᠷᠢ ᠶᠠᠨᠭᠵᠤ ᠵᠢᠨ ᠤᠯᠠᠮᠵᠢᠯᠠᠯ ᠵᠢᠡᠨ ᠬᠠᠳᠠᠭᠠᠯᠠᠭᠰᠠᠨ ᠮᠦᠷᠲᠡᠭᠡᠨ ᠰᠢᠨᠡᠴᠢᠯᠡᠯ ᠢ ᠤᠶᠠᠯᠳᠤᠭᠤᠯᠤᠭᠰᠠᠨ ᠬᠤᠪᠴᠠᠰᠤ ᠵᠠᠰᠠᠯ ᠢ ᠵᠢᠷᠤᠵᠤ ᠲᠦᠯᠦᠪᠯᠡᠨ ᠬᠢᠵᠤ ᠭᠠᠷᠭᠠᠭᠰᠠᠨ ᠡᠴᠡ ᠨᠡᠶᠢᠬᠡᠮ ᠲᠡᠭᠡᠷᠡᠬᠢ ᠦᠨᠡᠯᠡᠯᠲᠡ ᠶᠡᠭᠡ ᠦᠨᠳᠦᠷ ᠪᠤᠯᠵᠠᠢ᠃ ᠢᠨᠭᠭᠢᠬᠡᠳ ᠠᠭᠠᠵᠢᠮ ᠠᠭᠠᠵᠢᠮ ᠳ᠋ᠠᠭᠠᠨ ᠦᠨᠦᠬᠢ︽ᠬᠤᠸᠠᠡᠭ ᠴᠤᠤ ᠬᠤᠪᠴᠠᠰᠤ ᠵᠠᠰᠠᠯ ᠤᠨ ᠺᠤᠮᠫᠠᠨᠢ︾ᠨᠢ ᠲᠡᠭᠦᠨ ᠤ ᠺᠤᠮᠫᠠᠨᠢ ᠪᠤᠯᠵᠤ ᠬᠤᠪᠢᠷᠠᠯ᠎ᠠ᠃ ᠶᠠᠭᠠᠬᠢᠭᠠᠳ ᠬᠡᠪᠡᠯ ᠡᠨᠡ ᠺᠤᠮᠫᠠᠨᠢ ᠶ᠋ᠢ ᠭᠤᠷᠪᠡᠨ ᠶᠡᠭᠡ ᠪᠡᠯᠡ ᠤᠷᠤᠭᠤᠯᠤᠭᠰᠠᠨ ᠬᠦᠮᠦᠨ ᠡᠵᠡᠮᠳᠡᠯ ᠳ᠋ᠡᠬᠡᠨ ᠤᠷᠤᠭᠤᠯᠵᠠᠢ᠃ ᠨᠢᠬᠡ ᠨᠢ ᠭᠠᠳᠠᠭᠰᠢ ᠪᠤᠷᠤᠯᠠᠭᠤᠯᠭ᠎ᠠ ᠵᠢᠨ ᠲᠠᠯ᠎ᠠ ᠪᠡᠷ ᠮᠠᠰᠢ ᠶᠡᠭᠡ ᠴᠢᠳᠠᠪᠤᠷᠢ ᠲᠠᠢ ᠬᠦᠮᠦᠨ᠂ ᠪᠠᠰᠠ ᠨᠢᠬᠡ ᠨᠢ ᠠᠯᠢᠪᠠ ᠵᠦᠢᠯ ᠳ᠋ᠤ ᠨᠢ ᠵᠤᠭᠤᠰ ᠭᠠᠷᠭᠠᠵᠤ ᠴᠢᠳᠠᠬᠤ ᠬᠦᠮᠦᠨ᠂ ᠤᠳᠤ ᠨᠢᠬᠡ ᠨᠢ ᠡᠷᠭᠡᠪᠰᠢ ᠬᠤᠪᠴᠠᠰᠤ ᠵᠠᠰᠠᠯ ᠤᠨ ᠲᠤᠰᠬᠠᠢ ᠮᠡᠷᠬᠡᠵᠢᠯᠲᠡᠨ ᠪᠠᠶᠢᠬᠤ ᠬᠡᠷᠡᠭᠲᠡᠢ᠃ ᠨᠤᠮᠢᠨᠬᠤᠸᠠᠷ ᠶᠠᠭ ᠲᠡᠷᠡᠬᠦ ᠲᠤᠰᠬᠠᠢ ᠮᠡᠷᠬᠡᠵᠢᠯᠲᠡ ᠨᠢ ᠪᠠᠶᠢᠵᠤ᠂ ᠤᠯᠬᠤ ᠮᠦᠨᠭᠭᠦ ᠲᠦᠬᠦᠷᠢᠭ ᠨᠢ ᠴᠤ ᠶᠡᠭᠡ ᠪᠠᠶᠢᠯ᠎ᠠ᠃

ᠮᠠᠨᠭᠬᠠᠨ ᠨᠤᠲᠤᠭ ᠤᠨ ᠬᠦᠨ ᠳ᠋ᠤ ᠠᠮᠢᠯᠠᠭᠰᠠᠨ ᠨᠢᠬᠡᠨ ᠪᠤᠲᠠ ᠴᠡᠴᠡᠭ ᠡᠶᠢᠨᠬᠦ ᠮᠠᠯᠵᠢᠬᠤ ᠳ᠋ᠠᠵᠠᠢ ᠡᠴᠡ ᠪᠡᠨ ᠭᠠᠷᠴᠤ ᠤᠯᠤᠰ ᠤᠨ ᠨᠡᠶᠢᠰᠯᠡᠯ ᠤᠷᠤᠭᠠᠳ ᠠᠮᠵᠢᠯᠲᠠ ᠵᠢᠨ ᠲᠡᠭᠡᠳᠦ ᠳ᠋ᠤ ᠬᠦᠷᠦᠨ᠎ᠡ ᠬᠡᠳᠡᠭ ᠦᠨᠡᠬᠡᠷᠡᠨ ᠠᠮᠤᠷ ᠦᠭᠡᠢ᠃ ᠨᠡᠡᠭ ᠴᠤ ᠲᠡᠷᠡ ᠮᠠᠨᠢ ᠡᠬᠦᠨ ᠡᠴᠡ ᠪᠡᠨ ᠪᠠᠰᠠ ᠢᠯᠡᠬᠦᠦ ᠤᠯᠠᠨ ᠢ ᠬᠢᠵᠤ ᠪᠦᠲᠦᠬᠡᠬᠦ ᠵᠢᠨ ᠵᠤᠷᠢᠯᠭ᠎ᠠ ᠪᠠ ᠦᠪᠦᠷ ᠮᠤᠨᠭᠭᠤᠯ ᠡᠴᠡ ᠪᠡᠬᠡᠵᠢᠡᠭ ᠤᠷᠤᠭᠰᠠᠨ ᠮᠤᠨᠭᠭᠤᠯ ᠦᠭᠢᠨ ᠬᠡᠮᠡᠬᠦ ᠤᠳᠬ᠎ᠠ ᠪᠡᠷ ᠵᠢᠡᠨ 2003 ᠤᠨ ᠳ᠋ᠤ ᠬᠤᠪᠢ ᠪᠡᠷ ᠵᠢᠡᠨ 20 ᠭᠠᠷᠤᠢ ᠲᠦᠮᠡᠨ ᠲᠦᠬᠦᠷᠢᠭ ᠤᠨ ᠪᠡᠯᠡ ᠤᠷᠤᠭᠤᠯᠤᠨ︽ᠵᠢᠡᠭ ᠮᠸᠡᠭ ᠰᠤᠶᠤᠯ ᠤᠷᠠᠯᠢᠭ ᠤᠨ ᠬᠢᠵᠠᠭᠠᠷᠲᠤ ᠺᠤᠮᠫᠠᠨᠢ︾ ᠶ᠋ᠢ ᠡᠬᠦᠰᠬᠡᠨ ᠪᠠᠶᠢᠭᠤᠯᠵᠤ᠂ ᠭᠠᠷ ᠲᠤᠤᠷ᠎ᠠ ᠪᠡᠨ ᠪᠠᠶᠢᠨᠭᠭᠤ ᠠᠵᠢᠯᠯᠠᠳᠠᠭ 10 ᠭᠠᠷᠤᠢ ᠠᠵᠢᠯᠲᠠᠨ ᠲᠠᠢ ᠪᠤᠯᠵᠠᠢ᠃ ᠠᠶ᠎ᠠ ᠪᠠᠰᠠ ᠴᠠᠭ ᠮᠦᠴᠡ ᠪᠦᠬᠦᠨ ᠤᠯᠠᠷᠢᠨ ᠬᠤᠪᠢᠷᠠᠭᠰᠠᠭᠠᠷ 2024 ᠤᠨ ᠪᠤᠯᠬᠤ ᠳ᠋ᠤ ᠨᠤᠮᠢᠨᠬᠤᠸᠠᠷ ᠤᠨ ᠡᠷᠬᠢᠯᠡᠭᠰᠡᠨ ᠬᠢᠭᠰᠡᠨ ᠠᠵᠢᠯ ᠦᠢᠯᠡᠰ ᠪᠦᠬᠦᠨ ᠤᠯᠠᠮ ᠡᠴᠡ ᠤᠯᠠᠮ ᠲᠡᠬᠦᠯᠳᠡᠷᠵᠢᠨ ᠰᠢᠨᠡᠴᠢᠯᠡᠭᠳᠡᠵᠤ᠂ ᠡᠨᠡ ᠬᠤᠷᠢ ᠭᠠᠷᠤᠢ ᠵᠢᠯ ᠤᠨ ᠲᠤᠷᠰᠢ︽ᠴᠠᠭᠠᠨ ᠪᠤᠭᠤᠲᠤ ᠵᠢᠨ ᠰᠢᠯᠢ︾᠂︽ᠪᠤᠭᠤᠮᠲᠠ ᠵᠢᠨ ᠠᠶᠠᠨ︾ᠵᠡᠷᠭᠡ ᠮᠠᠰᠢ ᠤᠯᠠᠨ ᠲᠠᠶᠢᠰᠠᠨ ᠤ ᠵᠦᠴᠦᠭᠡ᠂ ᠺᠢᠨᠣ᠋ ᠵᠦᠴᠦᠭᠡ ᠵᠢᠨ ᠬᠤᠪᠴᠠᠰᠤ ᠵᠠᠰᠠᠯ ᠢ ᠬᠢᠵᠤ ᠭᠠᠷᠭᠠᠵᠠᠢ᠃ ᠡᠬᠦᠨ ᠳ᠋ᠤ ᠬᠡᠳᠦᠢ ᠶᠡᠭᠡ ᠴᠠᠭ ᠬᠤᠭᠤᠴᠠᠭ᠎ᠠ ᠬᠦᠴᠦ ᠬᠦᠯᠥᠰᠦ ᠰᠢᠨᠭᠬᠡᠳᠡᠭ ᠪᠠᠶᠢᠬᠤ ᠶ᠋ᠢ ᠠᠵᠢᠭᠯᠠᠬᠤ ᠳ᠋ᠤ ᠨᠢᠬᠡ ᠵᠦᠴᠦᠭᠡ ᠳ᠋ᠤ ᠠᠳᠠᠭ ᠲᠠᠭᠠᠨ 100 ᠭᠠᠷᠤᠢ ᠲᠦᠷᠢ ᠭᠠᠷᠴᠤ ᠢᠷᠡᠨ᠎ᠡ᠂ ᠲᠦᠷᠢ ᠪᠤᠯᠭᠠᠨ ᠠᠳᠠᠭ ᠲᠠᠭᠠᠨ ᠬᠤᠶᠠᠷ ᠡᠴᠡ ᠭᠤᠷᠪᠡᠨ ᠵᠦᠢᠯ ᠤᠨ ᠬᠤᠪᠴᠠᠰᠤ ᠡᠮᠦᠰᠦᠨ᠎ᠡ᠂ ᠢᠨᠭᠭᠢᠭᠡᠳ ᠪᠤᠳᠤᠬᠤ ᠳ᠋ᠤ ᠪᠦᠲᠦᠨ ᠵᠢᠯ ᠵᠢᠡᠷ ᠴᠤ ᠨᠢᠬᠡ ᠵᠦᠴᠦᠭᠡ ᠵᠢᠨ ᠬᠤᠪᠴᠠᠰᠤ ᠬᠢᠵᠤ ᠭᠠᠷᠭᠠᠨ᠎ᠠ ᠬᠡᠳᠡᠭ ᠨᠦᠷᠢ ᠶᠡᠭᠡ ᠬᠦᠳᠡᠯᠮᠦᠷᠢ ᠪᠡ ᠲᠡᠪᠴᠢᠶᠡᠷᠢ ᠪᠤᠶᠤ᠃ ︽ᠦᠪᠡᠷ ᠤᠨ ᠨᠤᠲᠤᠭ ᠲᠤ ᠪᠠᠶᠢᠬᠤ ᠳ᠋ᠤ ᠬᠦᠮᠦᠨ ᠤ ᠬᠦᠮᠦᠨ ᠢ ᠬᠠᠶᠢᠷᠠᠯᠠ᠂ ᠬᠦᠮᠦᠨ ᠤ ᠭᠠᠵᠠᠷ ᠲᠤ ᠪᠠᠶᠢᠬᠤ ᠳ᠋ᠤ ᠨᠤᠲᠤᠭ ᠤᠨ ᠨᠡᠷ᠎ᠡ ᠶ᠋ᠢ ᠡᠷᠬᠦ︾ᠬᠡᠳᠡᠭᠴᠢᠯᠡᠨ ᠨᠤᠮᠢᠨᠬᠤᠸᠠᠷ ᠮᠠᠨᠢ ᠦᠤᠰᠢᠨ ᠨᠤᠲᠤᠭ ᠤᠨ ᠵᠢᠡᠨ ᠦᠷᠦᠴᠡᠨ ᠡᠴᠡ ᠲᠡᠪᠳᠡᠷᠢᠨ ᠲᠡᠬᠦᠯᠢᠵᠤ᠂ ᠦᠢᠯᠡᠰ ᠤᠨ ᠦᠨᠳᠦᠷ ᠠᠮᠵᠢᠯᠲᠠ ᠪᠡᠷ ᠨᠡᠶᠢᠰᠯᠡᠯ ᠤᠨ ᠵᠠᠢ ᠳ᠋ᠤ ᠪᠠᠭᠲᠠᠨ ᠶᠠᠪᠤᠭ᠎ᠠ ᠨᠢ ᠪᠢᠳᠠ ᠪᠦᠬᠦᠨ ᠤ ᠪᠠᠬᠠᠷᠬᠠᠯ ᠪᠤᠶᠤ᠃

ᠲᠡᠭᠦᠨ ᠤ ᠠᠯᠢᠪᠠ ᠪᠦᠬᠦᠨ ᠦᠬᠡᠳᠡ ᠡᠰᠡᠷᠡᠭ ᠪᠠᠶᠢᠭᠠᠰᠠᠢ︕