ᠥᠨᠳᠥᠷ ᠬᠥᠬᠡ ᠲᠡᠭ᠍ᠷᠢ ᠶ᠋ᠢᠨ ᠮᠠᠨᠳᠤᠯ ᠳ᠋ᠥ
ᠥᠩᠭᠡ ᠶ᠋ᠢᠨ ᠤᠯᠠᠭᠠᠨ ᠲᠣᠭ ᠮᠢᠨᠢ ᠨᠠᠮᠢᠷᠠᠨ᠎ᠠ
ᠥᠰᠪᠦᠷᠢ ᠵᠢᠭᠠᠯ ᠬᠡᠦᠬᠡᠳ ᠪᠢᠳᠡᠨ ᠤ
ᠥᠷᠥ ᠵᠢᠷᠦᠬᠡᠨ ᠤ ᠬᠠᠢᠷ᠎ᠠ ᠪᠠᠷ ᠨᠠᠮᠢᠷᠠᠨ᠎ᠠ
ᠵᠢᠷᠡᠰ ᠵᠢᠷᠡᠰ ᠵᠢᠷᠡᠰ ᠁
ᠨᠢᠷ ᠬᠢᠭ᠍ᠰᠡᠨ ᠠᠯᠬᠤᠭ᠎ᠠ ᠵᠢᠭ᠍ᠳᠡ ᠳ᠋ᠠ
ᠢᠷᠠᠰ ᠢᠷᠠᠰ ᠢᠷᠠᠰ ᠁
ᠨᠠᠮᠢᠷᠠᠭᠰᠠᠨ ᠲᠣᠭ ᠤᠨ ᠥᠩᠭᠡ ᠨᠢ ᠬᠤᠷᠴᠠ ᠳ᠋ᠠ
ᠲᠠᠪᠤᠨ ᠣᠳᠣ ᠨᠢ ᠭᠢᠯᠠᠯᠵᠠᠭᠠᠳ
ᠮᠥᠩᠭᠥᠨ ᠲᠡᠭ᠍ᠷᠢ ᠳ᠋ᠥ ᠰᠢᠷᠭᠠᠯᠲᠤᠨ᠎ᠠ ᠳ᠋ᠠ
ᠲᠠᠪᠤᠨ ᠲᠢᠪ ᠤᠨ ᠬᠥᠮᠥᠰ ᠲᠤ
ᠮᠥᠩᠬᠡ ᠮᠠᠨᠳᠤᠬᠤ ᠪᠠᠷ ᠲᠤᠩᠬᠠᠭᠯᠠᠨ᠎ᠠ ᠳ᠋ᠠ
ᠤᠯᠠᠭᠠᠨ ᠥᠩᠭᠡ ᠨᠢ ᠤᠯᠠᠯᠵᠠᠭᠠᠳ
ᠭᠠᠯ ᠠᠳᠠᠯᠢ ᠳᠦᠷᠡᠯᠵᠡᠨ᠎ᠡ ᠳ᠋ᠠ
ᠣᠭᠲᠠᠷᠭᠤᠢ ᠶ᠋ᠢᠨ ᠭᠦᠨ ᠴᠡᠭᠡᠯ ᠳ᠋ᠥ
ᠨᠠᠮ᠎ᠠ ᠶ᠋ᠢ ᠳᠠᠯᠠᠯᠤᠭᠠᠳ ᠳᠤᠯᠠᠯᠵᠠᠨ᠎ᠠ ᠳ᠋ᠠ᠃
(ᠬᠠ᠊·ᠠᠯᠲᠠᠨᠪᠤᠯᠠᠭ)
