ᠵᠢᠷᠤᠭᠴᠢᠨ ᠤ ᠲᠤᠪᠴᠢ ᠲᠠᠨᠢᠯᠴᠠᠭᠤᠯᠭ᠎ᠠ
ᠬᠠᠯᠢᠶ᠎ᠠ᠂ ᠤᠷᠳᠤᠰ ᠬᠤᠳᠠ ᠵᠢᠨ ᠮᠤᠩᠭᠤᠯ ᠦᠨᠳᠦᠰᠦᠳᠡᠨ ᠤ ᠲᠤᠮᠳᠠᠳᠤ ᠰᠤᠷᠭᠠᠭᠤᠯᠢ ᠵᠢᠨ ᠠᠩᠬ᠎ᠠ ᠬᠤᠶᠠᠷ ᠤᠨ ᠰᠤᠷᠤᠭᠴᠢ᠃ ᠬᠠᠷᠠᠬᠠᠨ ᠪᠠᠭ᠎ᠠ ᠡᠴᠡ ᠪᠠᠨ ᠬᠡᠯᠡᠨ ᠤ ᠲᠦᠷᠤᠯ ᠤᠨ ᠭᠢᠴᠢᠶᠡᠯ ᠳᠤ ᠲᠤᠷᠠᠳᠠᠢ᠂ ᠨᠤᠮ ᠤᠩᠰᠢᠵᠤ ᠵᠤᠬᠢᠶᠠᠯ ᠪᠢᠴᠢᠬᠦ ᠲᠤᠷᠠᠳᠠᠢ᠂ ᠤᠷᠠᠨ ᠵᠢᠷᠤᠭ ᠤᠨ ᠠᠪᠢᠶᠠᠰ ᠲᠠᠢ᠃ ᠪᠠᠭ᠎ᠠ ᠰᠤᠷᠭᠠᠭᠤᠯᠢ ᠳᠤ ᠪᠠᠶᠢᠬᠤ ᠳ᠋ᠠᠭᠠᠨ︽ᠠᠯᠢ ᠵᠢ ᠨᠢ ᠴᠤ ᠭᠤᠮᠤᠳᠠᠭᠠᠬᠤ ᠦᠭᠡᠢ︾᠂︽ᠦᠩᠭᠡᠪᠴᠢᠭᠡᠨ ᠬᠤᠷᠸ᠎ᠠ ᠵᠢ ᠦᠩᠭᠡ ᠪᠠᠷ ᠨᠢ ᠪᠢᠳᠡᠭᠡᠢ ᠢᠯᠭᠠᠭᠠᠷᠠᠢ︾᠂︽ᠬᠠᠶᠢᠷ᠎ᠠ ᠵᠢᠨ ᠲᠠᠬᠢᠨᠢ ︾ᠵᠡᠷᠭᠡ ᠵᠤᠬᠢᠶᠠᠯ ᠪᠦᠳᠦᠭᠡᠯ ᠵᠢᠠᠨ ᠤᠷᠢᠳ ᠬᠤᠵᠢᠳ ᠦᠪᠦᠷ ᠮᠤᠩᠭᠤᠯ ᠤᠨ︽ᠴᠤᠮᠤᠷᠯᠢᠭ︾ᠰᠡᠳᠬᠦᠯ᠂ ᠦᠪᠦᠷ ᠮᠤᠩᠭᠤᠯ ᠤᠨ ᠪᠠᠭᠠᠴᠤᠳ ᠤᠨ ᠰᠤᠨᠢᠨ᠂ ᠤᠷᠳᠤᠰ ᠤᠨ ᠡᠳᠦᠷ ᠤᠨ ᠰᠤᠨᠢᠨ ᠳᠤ ᠨᠡᠶᠢᠳᠡᠯᠡᠭᠦᠯᠵᠤ ᠦᠩᠭᠡᠷᠡᠪᠡ᠃︽ᠬᠠᠶᠢᠷ᠎ᠠ ᠵᠢᠨ ᠲᠠᠬᠢᠨᠢ ︾ᠭᠡᠬᠦ ᠵᠤᠬᠢᠶᠠᠯ ᠪᠦᠳᠦᠭᠡᠯ ᠵᠢᠠᠷ ᠵᠢᠠᠨ ᠪᠦᠬᠦ ᠬᠤᠳᠠ ᠵᠢᠨ ᠮᠤᠩᠭᠤᠯ ᠲᠤᠮᠳᠠᠳᠤ ᠪᠠᠭ᠎ᠠ ᠰᠤᠷᠭᠠᠭᠤᠯᠢ ᠵᠢᠨ ᠭᠤᠷᠪᠠᠳᠤᠭᠠᠷ ᠬᠤᠭᠤᠴᠠᠭᠠᠨ ᠤ︽ᠠᠯᠳᠠᠨ ᠲᠦᠷᠦᠭᠡ︾ᠨᠡᠷᠡᠮᠵᠢᠳᠦ ᠵᠤᠬᠢᠶᠠᠨ ᠪᠢᠴᠢᠯᠭᠡ ᠵᠢᠨ ᠤᠷᠤᠯᠳᠤᠭᠠᠨ ᠳᠤ ᠤᠷᠤᠯᠴᠠᠭᠠᠳ ᠨᠢᠭᠡᠳᠦᠭᠡᠷ ᠲᠡᠰ ᠲᠤ ᠲᠤᠳᠤᠷᠠᠵᠤ ᠦᠩᠭᠡᠷᠡᠪᠡ᠃ ᠤᠷᠠᠨ ᠵᠢᠷᠤᠭ ᠤᠨ ᠲᠤᠰᠬᠠᠢ ᠮᠡᠷᠭᠡᠵᠢᠯ ᠤᠨ ᠲᠤᠯᠤᠳᠤᠭᠠᠷ ᠲᠡᠰ ᠢ ᠲᠠᠪᠠᠵᠠᠢ᠃ ᠵᠠᠷᠢᠮ ᠪᠦᠳᠦᠭᠡᠯ ᠨᠢ ᠪᠦᠬᠦ ᠤᠯᠤᠰ ᠤᠨ ᠴᠢᠨᠠᠷᠳᠠᠢ ᠤᠷᠠᠨ ᠵᠢᠷᠤᠭ ᠤᠨ ᠤᠷᠤᠯᠳᠤᠭᠠᠨ ᠳᠤ ᠤᠷᠤᠯᠴᠠᠭᠠᠳ ᠨᠢᠭᠡᠳᠦᠭᠡᠷ ᠲᠡᠰ ᠤᠨ ᠱᠠᠩᠨᠠᠯ ᠬᠦᠷᠳᠡᠵᠤ ᠦᠩᠭᠡᠷᠡᠪᠡ᠃ ᠪᠢᠴᠢᠬᠠᠨ ᠤᠷᠠᠨ ᠵᠢᠷᠤᠭᠠᠴᠢ ᠵᠢᠨ ᠪᠠᠶᠠᠨ ᠲᠠᠡᠭᠰᠤᠭ ᠪᠠᠶᠢᠭᠠᠯᠢ᠂ ᠠᠮᠢᠳᠤᠷᠠᠯ ᠠᠬᠤᠢ ᠡᠴᠡ ᠰᠡᠳᠤᠪ ᠠᠪᠴᠤ ᠤᠷᠠᠨ ᠰᠦᠨᠡᠰᠦᠯᠢᠭ ᠵᠢᠡᠷ ᠤᠷᠭᠤᠭᠤᠯᠵᠤ ᠪᠦᠳᠤᠭᠡᠭᠰᠡᠨ ᠭᠡᠰᠡᠭ ᠪᠦᠳᠤᠭᠡᠯ ᠡᠴᠡ ᠡᠷᠬᠢᠮ ᠲᠠ ᠪᠦᠭᠦᠨ ᠤ ᠲᠤᠷᠭᠠᠨ ᠮᠠᠯᠮᠠᠢ ᠳᠤ ᠬᠦᠷᠭᠡᠭᠦ ᠪᠤᠯᠤᠯ᠎ᠠ᠃ ᠲᠠᠭᠠᠯᠠᠨ ᠰᠤᠨᠢᠷᠬᠠᠮᠤ︕