ᠲᠤᠰᠤᠨ ᠳ᠋ᠧᠩ ᠤᠨ ᠭᠡᠷᠡᠯ ᠢ ᠥᠮᠥᠭ᠍ᠯᠡᠵᠦ ᠪᠢᠴᠢᠭ᠍ᠰᠡᠨ ᠰᠢᠯᠦᠭ
ᠠᠨᠢᠪᠴᠢᠵᠤ ᠪᠦᠬᠦᠢ ᠲᠤᠰᠤᠨ ᠳ᠋ᠧᠩ ᠤᠨ ᠭᠡᠷᠡᠯ ᠢ ᠥᠮᠥᠭ᠍ᠯᠡᠵᠦ
ᠠᠨᠠᠪᠠᠳ ᠲᠠᠯᠠᠢ ᠶᠢᠨ ᠪᠠᠭᠲᠠᠭᠠᠮᠵᠢ ᠲᠠᠢ ᠰᠢᠯᠦᠭ ᠪᠢᠴᠢᠨᠡᠮ
ᠠᠷᠲᠠᠢ ᠲᠣᠷᠭ᠎ᠠ ᠶᠢᠨ ᠨᠢᠳᠦᠨ ᠰᠢᠭ ᠬᠡᠭᠡᠮᠰᠦᠭ ᠰᠢᠯᠦᠭ ᠪᠢᠴᠢᠨᠡᠮ
ᠠᠳᠤᠭᠤᠨ ᠰᠠᠯᠬᠢ ᠮᠡᠲᠦ ᠠᠶᠠᠯᠭᠤᠲᠤ ᠰᠢᠯᠦᠭ ᠪᠢᠴᠢᠨᠡᠮ
ᠠᠰᠠᠷᠠᠯ ᠤᠨ ᠰᠡᠳᠬᠢᠯ ᠰᠢᠭ ᠲᠤᠰᠤᠨ ᠳ᠋ᠧᠩ ᠤᠨ ᠭᠡᠷᠡᠯ ᠢ ᠰᠢᠷᠳᠡᠵᠦ
ᠠᠷᠰᠢ ᠶᠢᠨ ᠬᠤᠮᠬ᠎ᠠ ᠠᠴᠠ ᠠᠰᠬᠠᠷᠠᠬᠤ ᠴᠠᠭ ᠮᠥᠴᠡ ᠰᠢᠭ ᠰᠢᠯᠦᠭ ᠪᠢᠴᠢᠨᠡᠮ
ᠠᠷᠢᠭᠤᠨ ᠬᠠᠳᠠᠨ ᠠᠴᠠ ᠰᠣᠶᠣᠭᠠᠯᠠᠬᠤ ᠬᠠᠰ ᠮᠡᠲᠦ ᠰᠢᠯᠦᠭ ᠪᠢᠴᠢᠨᠡᠮ
ᠠᠲᠠᠷᠠᠭᠠᠳᠤ ᠠᠭᠤᠯᠠᠨ ᠳᠠᠬᠢ ᠵᠡᠷᠯᠢᠭ ᠮᠣᠳᠣᠨ ᠤ ᠮᠥᠴᠢᠷ ᠰᠢᠭ ᠰᠢᠯᠦᠭ ᠪᠢᠴᠢᠨᠡᠮ
ᠡᠭᠦᠯᠡᠰ ᠤᠨ ᠰᠦ ᠰᠢᠭ ᠲᠤᠰᠤᠨ ᠳ᠋ᠧᠩ ᠤᠨ ᠭᠡᠷᠡᠯ ᠢ ᠳᠤᠰᠤᠭᠠᠵᠤ
ᠡᠳᠡᠭᠡᠵᠦ ᠪᠠᠢᠭ᠎ᠠ ᠡᠬᠡ ᠭᠠᠵᠠᠷ ᠰᠢᠭ ᠰᠢᠯᠦᠭ ᠪᠢᠴᠢᠨᠡᠮ
ᠡᠷᠴᠢᠮ ᠬᠦᠴᠦᠲᠡᠢ ᠲᠤᠩᠭᠠᠯᠠᠭ ᠪᠤᠯᠠᠭ ᠰᠢᠭ᠋ ᠰᠢᠯᠦᠭ ᠪᠢᠴᠢᠨᠡᠮ
ᠡᠷ᠎ᠡ ᠪᠣᠷᠣ ᠬᠠᠷᠴᠠᠭᠠᠢ ᠶᠢᠨ ᠳᠡᠭᠦᠯᠢᠯᠲᠡ ᠰᠢᠭ ᠰᠢᠯᠦᠭ ᠪᠢᠴᠢᠨᠡᠮ
ᠳᠤᠷᠠᠯᠠᠯ ᠤᠨ ᠲᠡᠮᠳᠡᠭ ᠰᠢᠭ ᠲᠤᠰᠤᠨ ᠳ᠋ᠧᠩ ᠤᠨ ᠭᠡᠷᠡᠯ ᠢ ᠬᠠᠷᠠᠮᠨᠠᠵᠤ
ᠳᠤᠷᠠᠰᠤᠯ ᠮᠥᠷᠥᠭᠡᠳᠦᠯ ᠤᠨ ᠥᠩᠭᠡ ᠲᠠᠢ ᠰᠢᠯᠦᠭ ᠪᠢᠴᠢᠨᠡᠮ
ᠳᠤᠨᠳᠠᠷᠠᠰᠢ ᠦᠭᠡᠢ ᠪᠠᠶᠠᠨ ᠰᠠᠩ ᠰᠢᠭ᠋ ᠰᠢᠯᠦᠭ ᠪᠢᠴᠢᠨᠡᠮ
ᠳᠠᠭᠤᠯᠠᠭᠠᠳ ᠵᠣᠭᠰᠣᠰᠢ ᠦᠭᠡᠢ ᠶᠢᠨ ᠰᠢᠯᠲᠠᠭ ᠰᠢᠭ᠋ ᠰᠢᠯᠦᠭ ᠪᠢᠴᠢᠨᠡᠮ
ᠦᠳᠡᠰᠢ ᠶᠢᠨ ᠦᠭᠡ ᠮᠡᠲᠦ ᠲᠤᠰᠤᠨ ᠳ᠋ᠧᠩ ᠤᠨ ᠭᠡᠷᠡᠯ ᠢ ᠰᠢᠯᠭᠡᠭᠡᠵᠦ
ᠦᠯᠢᠭᠡᠷ ᠤᠨ ᠳᠣᠲᠣᠷᠠᠬᠢ ᠦᠯᠢᠭᠡᠷ ᠰᠢᠭ ᠰᠢᠯᠦᠭ ᠪᠢᠴᠢᠨᠡᠮ
ᠦᠯᠡᠮᠵᠢ ᠶᠢᠨ ᠴᠢᠨᠠᠷ ᠮᠡᠲᠦ ᠰᠢᠯᠦᠭ ᠪᠢᠴᠢᠨᠡᠮ
ᠥᠯᠮᠡᠢ ᠪᠠᠲᠤ ᠣᠷᠣᠰᠢᠬᠤ ᠶᠢᠨ ᠢᠷᠦᠭᠡᠯ ᠰᠢᠭ ᠰᠢᠯᠦᠭ ᠪᠢᠴᠢᠨᠡᠮ
ᠭᠤᠶᠤ ᠠᠯᠳᠠᠭ᠎ᠠ ᠰᠢᠭ᠋ ᠲᠤᠰᠤᠨ ᠳ᠋ᠧᠩ ᠤᠨ ᠭᠡᠷᠡᠯ ᠢ ᠬᠠᠳᠠᠭᠠᠯᠠᠵᠤ
ᠭᠣᠮᠣᠳᠠᠯ ᠦᠭᠡᠢ ᠵᠠᠯᠠᠭᠤ ᠨᠠᠰᠤ ᠰᠢᠭ᠋ ᠰᠢᠯᠦᠭ ᠪᠢᠴᠢᠨᠡᠮ
ᠴᠠᠭ ᠬᠤᠭᠤᠴᠠᠭᠠᠨ ᠤ ᠭᠠᠯᠲᠤ ᠠᠴᠠ ᠰᠠᠴᠤᠭᠳᠠᠬᠤ
ᠠᠮᠢ ᠨᠠᠰᠤᠨ ᠤ ᠣᠷᠣᠰᠢᠬᠤᠢ ᠮᠡᠲᠦ ᠰᠢᠯᠦᠭ ᠪᠢᠴᠢᠨᠡᠮ
ᠵᠠᠩᠵᠤᠨ ᠰᠢᠭ᠋ ᠪᠣᠰᠣᠭ᠎ᠠ ᠲᠤᠰᠤᠨ ᠳ᠋ᠧᠩ ᠤᠨ ᠭᠡᠷᠡᠯ ᠢ ᠭᠠᠮᠨᠠᠵᠤ
ᠬᠠᠳᠤᠨ ᠰᠢᠭ᠋ ᠦᠵᠡᠰᠭᠦᠯᠡᠩ ᠰᠢᠯᠦᠭ ᠪᠢᠴᠢᠨᠡᠮ
ᠵᠠᠪᠠᠯ ᠭᠠᠲᠤᠯᠬᠤ ᠬᠠᠲᠠᠭᠤᠬᠠᠨ ᠬᠣᠷᠸ᠎ᠠ ᠶᠢᠨ ᠲᠤᠤᠯᠢ ᠶᠢᠨ ᠤᠰᠤᠨ ᠳᠤᠲᠡᠯᠪᠢ ᠪᠠᠨ ᠮᠦᠰᠢᠶᠡᠨ ᠵᠠᠳᠠᠯᠬᠤ ᠴᠡᠴᠡᠭᠡᠰ ᠤᠨ ᠵᠢᠷᠦᠬᠡ ᠰᠢᠭ ᠰᠢᠯᠦᠭ ᠪᠢᠴᠢᠨᠡᠮ
ᠴᠣᠬᠣ ᠰᠢᠭ᠋ ᠥᠴᠥᠬᠡᠨ ᠲᠤᠰᠤᠨ ᠳ᠋ᠧᠩ ᠤᠨ ᠭᠡᠷᠡᠯ ᠢ ᠥᠮᠥᠭ᠍ᠯᠡᠵᠦ
ᠴᠣᠬᠣᠷ ᠣᠷᠴᠢᠯᠠᠩ ᠤᠨ ᠦᠨᠡᠨ ᠰᠢᠭ ᠰᠢᠯᠦᠭ ᠪᠢᠴᠢᠨᠡᠮ
ᠴᠣᠯᠮᠣᠨ ᠤᠲᠤ ᠰᠢᠭ᠋ ᠲᠡᠭ᠍ᠷᠢ ᠠᠴᠠ ᠦᠭ᠍ᠲᠡᠭᠡᠭ᠍ᠳᠡᠬᠦ ᠦᠭᠡᠢ
ᠴᠤᠭ ᠰᠢᠭ᠋ ᠡᠭᠦᠳᠭᠡᠯ ᠤᠨ ᠰᠢᠯᠦᠭ ᠪᠢᠴᠢᠨᠡᠮ᠃
(ᠵᠠ᠊· ᠷᠢᠨᠴᠢᠨ)
