ᠤᠯᠪᠤᠭ ᠡᠴᠡ ᠪᠡᠨ ᠪᠠᠨ ᠰᠠᠯᠵᠤ ᠤᠯᠠᠨ ᠢ ᠦᠵᠡᠭᠰᠡᠨ ᠲᠡᠮᠲᠡᠭᠯᠡᠯ 1

 ᠄ 2025-03-02 16:14:14

ᠪᠠᠭ᠎ᠠ ᠳ᠋ᠠᠭᠠᠨ ᠶᠡᠭᠡ ᠯᠠ ᠲᠤᠷᠠᠯᠠᠵᠤ ᠬᠦᠯᠢᠶᠡᠳᠡᠭ ᠪᠠᠶᠢᠭᠰᠠᠨ ᠴᠠᠭᠠᠨ ᠰᠠᠷ᠎ᠠ ᠤᠳᠤ ᠮᠢᠨᠤ ᠬᠤᠪᠢ ᠳ᠋ᠤ ᠲᠡᠶᠢᠮᠤ ᠴᠤ ᠶᠡᠭᠡ ᠤᠳᠬ᠎ᠠ ᠠᠭᠤᠯᠭ᠎ᠠ ᠲᠠᠢ ᠵᠦᠢᠯ ᠪᠢᠰᠢ ᠪᠤᠯᠵᠠᠢ᠃ ᠬᠠᠷᠢᠨ ᠡᠨᠡ ᠠᠮᠠᠷᠠᠯᠲᠠ ᠵᠢᠨ ᠬᠡᠳᠦ ᠬᠤᠨᠤᠭ ᠲᠠᠭᠠᠨ ᠦᠭᠡᠷ᠎ᠡ ᠪᠤᠰᠤᠳ ᠭᠠᠵᠠᠷ ᠤᠷᠤᠨ ᠵᠢᠡᠷ ᠶᠠᠪᠤᠵᠤ᠂ ᠠᠵᠢᠯ ᠤᠨ ᠶᠠᠳᠠᠷᠠᠭ᠎ᠠ ᠪᠡᠨ ᠲᠠᠶᠢᠯᠬᠤ ᠵᠢᠨ ᠬᠠᠮᠲᠤ ᠢᠯᠡᠬᠦᠦ ᠨᠢᠬᠡ ᠵᠦᠢᠯ ᠢ ᠤᠯᠵᠤ ᠮᠡᠳᠡᠬᠦ ᠨᠢ ᠤᠯᠵᠠ ᠲᠠᠢ ᠶᠠᠪᠤᠳᠠᠯ ᠪᠤᠯᠬᠤᠷ ᠬᠦᠭᠡᠭᠴᠢᠨ ᠮᠤᠭᠠᠢ ᠵᠢᠯ ᠤᠨ ᠴᠠᠭᠠᠨ ᠰᠠᠷ᠎ᠠ ᠵᠢᠨ ᠰᠢᠨ᠎ᠡ ᠵᠢᠨ ᠨᠢᠬᠡᠨ ᠪᠤᠶᠤ ᠠᠷᠭ᠎ᠠ ᠵᠢᠨ 2025 ᠤᠨ ᠤ 1 ᠰᠠᠷ᠎ᠠ ᠵᠢᠨ 29 ᠤ ᠡᠳᠦᠷ ᠰᠸᠴᠤᠸᠠᠨ ᠪᠠ ᠴᠦᠨᠭᠴᠢᠡᠭ ᠬᠡᠮᠡᠬᠦ ᠭᠠᠵᠠᠷ ᠢ ᠴᠢᠭᠯᠡᠯ᠎ᠡ᠃ ᠦᠪᠡᠷ ᠵᠢᠡᠨ ᠮᠠᠰᠢᠨ ᠪᠠᠷᠢᠵᠤ ᠶᠠᠪᠤᠭ᠎ᠠ ᠪᠤᠯᠬᠤᠷ ᠬᠠᠮᠢᠭ᠎ᠠ ᠬᠦᠷᠦᠭᠰᠡᠨ ᠭᠠᠵᠠᠷ ᠲᠠᠭᠠᠨ ᠠᠮᠠᠷᠠᠬᠤ ᠪᠤᠶᠤ ᠰᠠᠨᠠᠭ᠎ᠠ ᠲᠤᠷ᠎ᠠ ᠪᠡᠷ ᠲᠤᠭᠤᠷᠢᠬᠤ ᠪᠤᠯᠬᠤᠷ ᠠᠶᠠᠯᠠᠯ ᠮᠠᠨᠢ ᠨᠡᠡᠭ ᠬᠦᠭᠵᠢᠯᠲᠡᠢ᠃

ᠠᠶᠠᠯᠠᠯ ᠤᠨ ᠠᠨᠭᠬᠠᠨ ᠤ ᠦᠵᠡᠮᠵᠢ ᠪᠤᠶᠤ ᠴᠢᠨᠯᠢᠡᠭ ᠨᠢᠷᠤᠭᠤ ᠰᠢᠨ᠎ᠡ ᠵᠢᠨ ᠨᠢᠬᠡᠨ ᠤ ᠤᠷᠤᠢ ᠵᠢᠨ ᠵᠢᠷᠭᠤᠭᠠᠨ ᠴᠠᠭ ᠲᠤ ᠦᠤᠰᠢᠨ ᠬᠤᠰᠢᠭᠤᠨ ᠡᠴᠡ ᠭᠠᠷᠤᠭᠰᠠᠨ ᠪᠤᠯᠬᠤᠷ ᠲᠤᠰ ᠡᠳᠦᠷ ᠲᠡᠭᠡᠨ ᠳᠡᠮᠡᠢ ᠬᠤᠯᠠ ᠶᠠᠪᠤᠵᠤ ᠴᠢᠳᠠᠯ ᠦᠭᠡᠢ ᠨᠢᠨᠭᠰᠢᠶᠠ ᠵᠢᠨ ᠬᠤᠲᠤᠡᠭ ᠦᠨᠳᠦᠰᠦᠲᠡᠨ ᠤ ᠦᠪᠡᠷᠲᠡᠭᠡᠨ ᠵᠠᠰᠠᠬᠤ ᠤᠷᠤᠨ ᠤ ᠫᠸᠡᠭ ᠶᠠᠡᠭ ᠬᠡᠬᠦ ᠭᠠᠵᠠᠷ ᠬᠦᠷᠦᠭᠡᠳ ᠠᠮᠠᠷᠠᠵᠤ ᠪᠢᠯᠡ᠃ ᠬᠠᠷᠢᠨ ᠲᠠᠷᠠᠭ᠎ᠠ ᠦᠷᠯᠥᠬᠡ ᠨᠢ ᠬᠤᠭᠤᠯᠠ ᠢᠳᠡᠬᠦ ᠨᠢ ᠨᠢᠬᠡ ᠶᠡᠭᠡ ᠠᠰᠠᠭᠤᠳᠠᠯ ᠪᠤᠯᠵᠠᠢ᠂ ᠶᠡᠬᠡᠨᠭᠬᠢ ᠬᠤᠭᠤᠯᠠᠨ ᠤ ᠭᠠᠵᠠᠷ ᠡᠬᠦᠳᠡ ᠪᠡᠨ ᠬᠠᠭᠠᠵᠠᠢ᠂ ᠡᠷᠢᠵᠤ ᠰᠤᠷᠠᠵᠤ ᠶᠠᠪᠤᠭᠰᠠᠭᠠᠷ ᠬᠠᠷᠢᠨ ᠬᠤᠲᠤᠡᠭ ᠬᠤᠭᠤᠯᠠᠨ ᠬᠡᠷ ᠨᠡᠬᠡᠬᠡᠯᠲᠡᠢ ᠪᠤᠯᠬᠤᠷ ᠲᠡᠨᠳᠡ ᠭᠤᠯᠢᠷ ᠵᠤᠭᠤᠭᠯᠠᠪᠠ᠃

ᠵᠠᠮ ᠲᠤᠮᠳᠠ ᠪᠡᠨ ᠪᠢᠳᠠ ᠲᠤᠮᠳᠠᠳᠤ ᠤᠯᠤᠰ ᠤᠨ ᠡᠮᠦᠨᠡᠲᠤ ᠤᠮᠠᠷᠠᠲᠤ ᠤᠷᠤᠨ ᠢ ᠵᠠᠭᠠᠭᠯᠠᠭᠰᠠᠨ ᠴᠢᠨᠯᠢᠡᠭ ᠨᠢᠷᠤᠭᠤ ᠶ᠋ᠢ ᠲᠤᠭᠤᠯᠪᠠ᠃ ᠡᠨᠡ ᠶᠡᠭᠡ ᠠᠭᠤᠯᠠ ᠨᠢᠷᠤᠭᠤᠳ ᠪᠠᠷᠤᠭ ᠪᠦᠬᠦᠳᠡᠭᠡᠷ ᠵᠢᠡᠨ ᠨᠤᠭᠤᠭᠠᠨ ᠬᠦᠷᠮ᠎ᠡ ᠡᠮᠦᠰᠴᠤ ᠪᠠᠶᠢᠭ᠎ᠠ ᠪᠤᠯᠬᠤᠷ ᠡᠪᠤᠯ ᠴᠠᠭ ᠤᠨ ᠬᠠᠬᠢᠷ ᠬᠦᠢᠲᠡᠨ ᠶᠠᠮᠠᠷ ᠪᠠᠶᠢᠳᠠᠭ ᠢ ᠮᠡᠳᠡᠳᠡᠭ ᠨᠠᠳᠠ ᠳ᠋ᠤ ᠶᠡᠭᠡ ᠤᠯᠵᠠᠷᠬᠠᠭᠤᠰᠢᠲᠠᠢ ᠰᠠᠨᠠᠭᠳᠠᠪᠠ᠃ ᠴᠢᠨᠯᠢᠡᠭ ᠨᠢᠷᠤᠭᠤ ᠵᠢᠨ ᠲᠤᠬᠠᠢ ᠪᠢᠳᠠ ᠲᠤᠮᠳᠠᠳᠤ ᠰᠤᠷᠭᠠᠭᠤᠯᠢ ᠵᠢᠨ ᠭᠠᠵᠠᠷ ᠵᠦᠢ ᠵᠢᠨ ᠬᠢᠴᠢᠶᠡᠯ ᠤᠨ ᠪᠢᠴᠢᠭ ᠡᠴᠡ ᠠᠨᠭᠬ᠎ᠠ ᠤᠶᠢᠯᠠᠭᠠᠵᠤ᠂ ᠲᠡᠷᠡ ᠨᠢ ᠲᠤᠮᠳᠠᠳᠤ ᠤᠯᠤᠰ ᠤᠨ ᠡᠮᠦᠨᠡᠲᠤ ᠤᠷᠤᠨ ᠪᠠ ᠤᠮᠠᠷᠠᠲᠤ ᠤᠷᠤᠨ ᠤ ᠵᠠᠭᠠᠭ ᠬᠡᠮᠡᠨ ᠴᠡᠬᠡᠵᠢᠯᠡᠵᠤ ᠪᠠᠶᠢᠭᠰᠠᠨ ᠪᠢᠯᠡ᠃

ᠴᠢᠨᠯᠢᠡᠭ ᠨᠢᠷᠤᠭᠤ ᠨᠢ ᠵᠦᠪᠬᠡᠨ ᠡᠮᠦᠨᠡᠲᠤ ᠤᠮᠠᠷᠠᠲᠤ ᠤᠷᠤᠨ ᠤ ᠵᠠᠭᠠᠭ ᠲᠡᠳᠦᠢ ᠦᠭᠡᠢ᠂ ᠠᠭᠤᠷ ᠠᠮᠢᠰᠬᠤᠯ᠂ ᠭᠠᠵᠠᠷ ᠪᠠᠶᠢᠴᠠ᠂ ᠪᠠᠶᠢᠭᠠᠯᠢ ᠵᠢᠨ ᠡᠬᠢ ᠪᠠᠶᠠᠯᠢᠭ ᠤᠨ ᠵᠠᠭᠠᠭ ᠪᠤᠯᠬᠤᠷ ᠤᠨ ᠵᠢᠯ ᠤᠨ ᠤᠳᠠᠭᠠᠨ ᠳ᠋ᠤ ᠡᠨᠡ ᠨᠢᠷᠤᠭᠤᠨ ᠤ ᠬᠤᠶᠠᠷ ᠲᠠᠯ᠎ᠠ ᠵᠢᠨ ᠠᠷᠠᠳ ᠢᠷᠡᠭᠡᠳ ᠤᠨ ᠢᠳᠡᠵᠤ ᠤᠤᠭᠤᠬᠤ᠂ ᠡᠮᠦᠰᠴᠤ ᠵᠡᠬᠦᠬᠦ ᠵᠡᠷᠭᠡ ᠠᠮᠢᠳᠤᠷᠠᠯ ᠤᠨ ᠠᠷᠠᠨᠰᠢᠨ ᠨᠢ ᠴᠤ ᠠᠶᠠᠨᠳᠠᠭᠠᠨ ᠬᠤᠶᠠᠷ ᠵᠦᠢᠯ ᠪᠤᠯᠵᠤ ᠬᠤᠪᠢᠷᠠᠭᠰᠠᠨ ᠪᠢᠯᠡ᠃ ᠮᠠᠨ ᠤ ᠪᠢᠴᠢᠬᠠᠨ ᠲᠡᠷᠭᠡ ᠡᠨᠡ ᠨᠢᠷᠤᠭᠤ ᠶ᠋ᠢ ᠲᠤᠭᠤᠯᠬᠤ ᠳ᠋ᠤ ᠨᠡᠯᠢᠶᠡᠳ ᠴᠠᠭ ᠤᠷᠤᠭᠰᠠᠨ ᠶᠤᠮ᠂ ᠡᠬᠢᠯᠡᠵᠤ ᠤᠷᠤᠬᠤ ᠳ᠋ᠤ ᠮᠠᠰᠢ ᠭᠠᠶᠢᠬᠠᠨ ᠱᠠᠭᠰᠢᠷᠠᠵᠤ᠂ ᠠᠭᠤᠯᠠ ᠤᠰᠤᠨ ᠤ ᠭᠤᠶᠤ ᠦᠵᠡᠮᠵᠢ ᠳ᠋ᠤ ᠨᠢ ᠰᠤᠭᠲᠤᠭᠤᠷᠠᠵᠤ ᠪᠠᠶᠢᠭᠰᠠᠨ ᠪᠤᠯ ᠰᠡᠬᠦᠯᠳᠡᠵᠤ ᠢᠷᠡᠭᠡᠳ ᠵᠠᠯᠬᠠᠭᠤ ᠬᠦᠳᠡᠯᠬᠦ ᠪᠤᠯᠤᠯ᠎ᠠ᠂ ᠤᠴᠢᠷ ᠨᠢ ᠡᠨᠡ ᠲᠤᠮᠤ ᠨᠢᠷᠤᠭᠤ ᠶ᠋ᠢ ᠴᠤᠭᠤᠯᠵᠤ ᠭᠠᠷᠤᠭᠰᠠᠨ ᠨᠦᠬᠡᠨ ᠵᠠᠮ ᠮᠠᠰᠢ ᠤᠯᠠᠨ ᠪᠠᠶᠢᠵᠤ᠂ ᠵᠠᠷᠢᠮ ᠳ᠋ᠠᠭᠠᠨ ᠠᠷᠪᠠᠨ ᠬᠡᠳᠦᠨ ᠺᠢᠯᠤᠮᠸᠲᠷ ᠤᠷᠲᠤ ᠦᠷᠬᠦᠯᠵᠢᠯᠡᠵᠤ᠂ ᠵᠦᠪᠬᠡᠨ ᠳ᠋ᠸᠡᠭ ᠤᠨ ᠬᠡᠷᠡᠯ ᠯᠠ ᠤᠯᠵᠤ ᠬᠠᠷᠠᠬᠤ ᠪᠤᠯᠬᠤᠷ ᠶᠡᠭᠡ ᠶᠠᠳᠠᠷᠠᠯ ᠲᠠᠢ᠃

ᠬᠠᠷᠢᠨ ᠡᠨᠡ ᠦᠶ᠎ᠡ ᠳ᠋ᠤ ᠪᠢ ᠨᠢᠳᠤᠨᠤᠨ ᠵᠢᠯ ᠤᠨ ᠤᠨᠭᠰᠢᠭᠰᠠᠨ ᠨᠤᠮ ᠵᠢᠡᠨ ᠰᠠᠨᠠᠭᠠᠨ ᠳ᠋ᠤ ᠤᠷᠤᠪᠠ᠃ ᠪᠠᠷᠲᠠᠭ᠎ᠠ ᠰᠢᠨᠵᠢᠯᠡᠯ᠂ ᠡᠷᠲᠡᠨ ᠤ ᠠᠮᠢᠳᠤ ᠪᠤᠳᠠᠰ ᠤᠨ ᠰᠤᠳᠤᠯᠤᠯ ᠪᠠ ᠵᠤᠬᠢᠶᠠᠨ ᠪᠦᠲᠦᠬᠡᠯᠬᠡ ᠪᠡᠷ ᠵᠢᠡᠨ ᠨᠢᠬᠡ ᠨᠠᠰᠤᠨ ᠤ ᠠᠵᠢᠯ ᠵᠢᠡᠨ ᠪᠤᠯᠭᠠᠭᠰᠠᠨ ᠿᠤᠢ ᠴᠠᠫᠮᠠᠨ ᠠᠨᠳ᠋ᠷᠸᠸᠢᠰ︵Roy Chapman Andrews罗伊·查普曼·安德鲁斯︶︽ᠡᠷᠲᠡᠨ ᠤ ᠬᠦᠮᠦᠨ ᠤ ᠮᠦᠷ ᠵᠢᠡᠷ︾ᠬᠡᠬᠦ ᠨᠤᠮ ᠵᠢᠡᠷ ᠵᠢᠡᠨ ᠳᠡᠯᠡᠬᠡᠢ ᠳ᠋ᠤ ᠮᠡᠳᠡᠷᠡᠭᠳᠡᠭᠰᠡᠨ ᠪᠢᠯᠡ᠂ ᠲᠤᠰ ᠨᠤᠮ ᠳ᠋ᠠᠭᠠᠨ ᠲᠡᠷᠡ ᠮᠤᠨᠭᠭᠤᠯ ᠤᠷᠤᠨ ᠡᠴᠡ ᠠᠨᠭᠬ᠎ᠠ ᠤᠳᠠᠭ᠎ᠠ ᠠᠪᠤᠷᠭᠤ ᠬᠦᠷᠪᠡᠯ ᠤᠨ ᠦᠨᠳᠡᠬᠡᠨ ᠤ ᠴᠢᠯᠠᠭᠤᠵᠢᠮᠠᠯ ᠢ ᠢᠯᠡᠷᠡᠬᠦᠯᠵᠤ᠂ ᠡᠨᠡ ᠨᠢ ᠪᠦᠬᠦ ᠬᠦᠮᠦᠨ ᠲᠦᠷᠦᠯᠬᠢᠲᠠᠨ ᠤᠭ ᠲᠠᠭᠠᠨ ᠠᠪᠤᠷᠭᠤ ᠬᠦᠷᠪᠡᠯ ᠦᠨᠳᠡᠬᠡᠯᠡᠳᠡᠭ ᠬᠡᠰᠡᠨ ᠢ ᠤᠭᠲᠤ ᠮᠡᠳᠡᠭᠡ ᠦᠭᠡᠢ ᠪᠠᠶᠢᠭᠰᠠᠨ ᠲᠡᠤᠬᠡ ᠶ᠋ᠢ ᠡᠴᠦᠰᠯᠡᠬᠦᠯᠵᠡᠢ᠃ ᠲᠡᠷᠡ ᠮᠤᠨᠭᠭᠤᠯ ᠤᠷᠤᠨ ᠳ᠋ᠤ ᠪᠠᠷᠲᠠᠭ᠎ᠠ ᠰᠢᠨᠵᠢᠯᠡᠬᠦ ᠠᠶᠠᠨ ᠳ᠋ᠠᠭᠠᠨ ᠲᠤᠬᠢᠶᠠᠯᠳᠤᠭᠰᠠᠨ ᠡᠨᠡ ᠪᠦᠬᠦ ᠶᠠᠪᠤᠳᠠᠯ ᠵᠢᠡᠨ ᠨᠤᠮ ᠪᠤᠯᠭᠠᠨ ᠬᠡᠪᠯᠡᠬᠦᠯᠥᠭᠰᠡᠨ ᠢ ᠬᠤᠨᠢᠴᠤᠳ ᠨ·ᠬᠡᠷᠡᠯᠲᠤ 2021 ᠤᠨ ᠳ᠋ᠤ ᠮᠤᠨᠭᠭᠤᠯ ᠬᠡᠯᠡᠨ ᠳ᠋ᠤ ᠤᠷᠴᠢᠭᠤᠯᠤᠨ ᠪᠢᠳᠠᠨ ᠤ ᠠᠯᠠᠭᠠᠨ ᠳ᠋ᠤ ᠬᠦᠷᠭᠡᠭᠰᠡᠨ ᠪᠢᠯᠡ᠃ ᠲᠡᠭᠡᠬᠦ ᠳ᠋ᠤ ᠡᠨᠡ ᠨᠤᠮ ᠤᠨ ᠨᠢᠬᠡ᠂ ᠬᠤᠶᠠᠳᠤᠭᠠᠷ᠂ ᠭᠤᠷᠪᠡᠳᠤᠭᠠᠷ ᠪᠦᠯᠥᠭ ᠲᠤ ᠮᠤᠨᠭᠭᠤᠯ ᠤᠷᠤᠨ ᠳ᠋ᠤ ᠤᠴᠢᠬᠤ ᠡᠴᠡ ᠡᠮᠦᠨᠡᠬᠢ ᠪᠡᠯᠡᠳᠬᠡᠯ ᠠᠵᠢᠯ ᠪᠠ ᠳᠠᠭᠠᠤ ᠳ᠋ᠤ ᠨᠢ ᠴᠢᠨᠯᠢᠡᠭ ᠨᠢᠷᠤᠭᠤᠨ ᠳ᠋ᠤ ᠬᠦᠷᠴᠤ ᠪᠦᠬᠦᠡᠭ ᠠᠨᠭᠨᠠᠭᠰᠠᠨ ᠦᠯᠢᠬᠡᠷ ᠢ ᠪᠢᠴᠢᠵᠡᠢ᠃ ᠡᠨᠡ ᠨᠢ 1921 ᠤᠨ ᠨᠢ ᠶᠠᠪᠤᠳᠠᠯ᠃ ᠲᠡᠷᠡ ᠦᠶ᠎ᠡ ᠵᠢᠨ ᠴᠢᠨᠯᠢᠡᠭ ᠨᠢᠷᠤᠭᠤᠨ ᠳ᠋ᠤ ᠠᠯᠲᠠᠨ ᠰᠢᠭᠠᠯ ᠪᠦᠬᠦᠡᠭ ᠲᠠᠢ ᠪᠠᠶᠢᠵᠤ᠂ ᠤᠢ ᠮᠤᠳᠤ᠂ ᠡᠪᠡᠰᠦ ᠤᠷᠭᠤᠮᠠᠯ ᠢᠭᠴᠤᠷᠠᠨ ᠶᠤᠰᠤᠲᠠᠢ ᠨᠢᠬᠡ ᠪᠠᠶᠢᠭᠠᠯᠢ ᠵᠢᠨ ᠲᠠᠭᠰᠢᠨ ᠤᠷᠤᠨ ᠪᠠᠶᠢᠵᠠᠢ᠂ ᠬᠡᠪᠡᠴᠤ ᠠᠨᠳ᠋ᠷᠸᠸᠢᠰ ᠠᠪᠤᠭᠠᠢ ᠵᠢᠨ ᠪᠢᠴᠢᠭᠰᠡᠨ ᠨᠢᠬᠡ ᠪᠠᠳᠠᠭ ᠦᠭᠡ ᠨᠢ ᠡᠷᠭᠡ ᠦᠭᠡᠢ ᠭᠠᠶᠢᠬᠠᠰᠢ ᠲᠦᠷᠦᠬᠦᠯᠥᠨ᠎ᠡ᠂ ᠲᠡᠷᠡ ᠡᠨᠡ ᠦᠵᠡᠭᠳᠡᠯ ᠵᠢᠡᠨ︽᠁ ᠬᠤᠶᠠᠷ ᠲᠤᠯᠤᠭ᠎ᠠ ᠬᠤᠨᠤᠭ ᠤᠨ ᠲᠤᠷᠰᠢ ᠯᠠᠭᠤᠰᠠ ᠪᠡᠷ ᠠᠶᠠᠯᠠᠭᠰᠠᠭᠠᠷ ᠨᠢᠬᠡᠨ ᠡᠳᠦᠷ ᠶᠡᠭᠡᠳᠡ ᠤᠷᠤᠶᠢᠲᠠᠵᠤ᠂ ᠲᠠᠢ ᠪᠠᠢ ᠱᠠᠨ ᠠᠭᠤᠯᠠᠨ ᠤ ᠬᠤᠷᠮᠤᠢ ᠳ᠋ᠤ ᠤᠷᠤᠰᠢᠬᠤ ᠯᠢᠡᠭ ᠲᠠᠢ ᠮᠢᠶᠤᠤ ᠬᠡᠳᠡᠭ ᠲᠤᠰᠬᠤᠨ ᠳ᠋ᠤ ᠬᠦᠷᠴᠤ ᠢᠷᠡᠯ᠎ᠡ᠃ ᠲᠤᠰᠬᠤᠨ ᠤ ᠪᠠᠶᠢᠳᠠᠯ ᠢ ᠠᠵᠢᠭᠯᠠᠬᠤ ᠳ᠋ᠤ ᠶᠤᠰᠤᠲᠠᠢ ᠯᠠ ᠬᠦᠭᠡᠷᠦᠬᠦᠢᠯᠡᠯ ᠲᠠᠢ ᠰᠠᠨᠠᠭᠳᠠᠬᠤ ᠠᠵᠢ᠃ ᠬᠤᠶᠠᠷ ᠲᠠᠯ᠎ᠠ ᠪᠡᠷ ᠵᠢᠡᠨ ᠨᠠᠮᠬᠠᠨ ᠰᠢᠪᠠᠷ ᠪᠠᠶᠢᠰᠢᠡᠭ ᠨᠤᠭᠤᠳ ᠢ ᠡᠮᠬᠢ ᠵᠠᠮᠪᠠᠷᠠᠭ᠎ᠠ ᠦᠭᠡᠢ ᠵᠠᠯᠭᠠᠨ ᠪᠠᠷᠢᠭᠰᠠᠨ ᠡᠴᠡ ᠲᠤᠮᠳᠠᠭᠤᠷ ᠨᠢ ᠮᠤᠷᠤᠢ ᠰᠠᠷᠤᠢ ᠵᠡᠬᠡᠯᠢ ᠭᠠᠷᠴᠠᠢ᠃ ᠡᠳᠡᠭᠡᠷ ᠪᠠᠶᠢᠰᠢᠡᠭ ᠤᠨ ᠬᠦᠮᠦᠰ ᠬᠠᠮᠠᠭᠤ ᠲᠠᠢ ᠨᠤᠬᠠᠢ᠂ ᠭᠠᠬᠠᠢ᠂ ᠲᠠᠬᠢᠶ᠎ᠠ᠂ ᠢᠮᠠᠭ᠎ᠠ ᠲᠠᠢ ᠪᠠᠨ ᠬᠠᠮᠲᠤ ᠠᠮᠢᠳᠤᠷᠠᠳᠠᠭ ᠪᠠᠶᠢᠨ᠎ᠠ᠃ ᠡᠶᠢᠮᠤ ᠦᠵᠡᠰᠬᠦᠯᠡᠨᠭᠲᠤ ᠰᠠᠶᠢᠬᠠᠨ ᠪᠠᠶᠢᠭᠠᠯᠢ ᠲᠠᠢ ᠭᠠᠵᠠᠷ ᠶᠠᠭᠠᠬᠢᠵᠤ ᠢᠨᠭᠭᠢᠵᠤ ᠪᠤᠬᠢᠷ ᠮᠠᠭᠤᠬᠠᠢ ᠠᠮᠢᠳᠤᠷᠠᠵᠤ ᠪᠠᠶᠢᠬᠤ ᠶ᠋ᠢ ᠬᠠᠷᠠᠭᠠᠳ ᠶᠤᠰᠤᠲᠠᠢ ᠯᠠ ᠭᠠᠶᠢᠬᠠᠰᠢᠷᠠᠭᠰᠠᠨ ᠶᠤᠮ᠃ ᠱᠠᠨᠰᠢ ᠮᠤᠵᠢ ᠵᠢᠨ ᠡᠨᠳᠡᠬᠢ ᠵᠢᠨ ᠡᠡᠭ ᠤᠨ ᠲᠠᠷᠢᠶᠠᠴᠢᠨ ᠳ᠋ᠤ ᠡᠷᠡᠬᠦᠯ ᠴᠢᠬᠢᠷᠠᠭ ᠲᠦᠷᠬᠦ ᠪᠠᠶᠢᠳᠠᠯ ᠬᠡᠵᠤ ᠠᠯᠠᠭ᠎ᠠ᠂ ᠤᠯᠠᠨᠭᠭᠢ ᠨᠢ ᠬᠠᠷ᠎ᠠ ᠲᠠᠮᠠᠬᠢᠨ ᠳ᠋ᠤ ᠠᠪᠲᠠᠵᠤ ᠱᠤᠪᠲᠤᠭᠤᠷ ᠬᠠᠷ᠎ᠠ ᠴᠢᠷᠠᠢ ᠲᠠᠢ ᠪᠤᠯᠵᠠᠢ ᠁︾ᠬᠡᠮᠡᠨ ᠪᠢᠴᠢᠵᠠᠢ᠃ ᠡᠨᠳᠡ ᠦᠬᠦᠯᠡᠭᠰᠡᠨ ᠲᠠᠢ ᠪᠠᠢ ᠱᠠᠨ ᠠᠭᠤᠯᠠ ᠪᠤᠯ ᠶᠠᠭ ᠮᠠᠨ ᠤ ᠠᠶᠠᠯᠠᠯ ᠤᠨ ᠵᠠᠮ ᠳ᠋ᠡᠬᠢ ᠪᠤᠤ ᠵᠢ ᠰᠢ ᠬᠤᠲᠠ︵宝鸡市︶ ᠵᠢᠨ ᠬᠠᠷᠢᠶᠠᠨ ᠳ᠋ᠤ ᠪᠠᠶᠢᠨ᠎ᠠ᠂ ᠡᠨᠡᠬᠦ ᠠᠭᠤᠯᠠ ᠨᠢ ᠴᠢᠨᠯᠢᠡᠭ ᠨᠢᠷᠤᠭᠤᠨ ᠤ ᠬᠠᠮᠤᠭ ᠦᠨᠳᠦᠷ ᠤᠷᠬᠢᠯ ᠪᠤᠯᠤᠨ᠎ᠠ᠃ ᠠᠨᠳ᠋ᠷᠸᠸᠢᠰ ᠵᠢᠨ ᠪᠢᠴᠢᠭᠰᠡᠨ ᠡᠴᠡ ᠤᠯᠠᠨ ᠢ ᠰᠡᠳᠬᠢᠵᠤ ᠶᠠᠪᠤᠭᠠᠳ ᠰᠦᠨᠢ ᠨᠢ ᠠᠭᠤᠯᠠ ᠵᠢᠨ ᠬᠤᠲᠠ᠂ ᠮᠦᠨᠴᠤ ᠤᠰᠤᠨ ᠤ ᠬᠤᠲᠠ ᠪᠤᠯᠤᠭᠰᠠᠨ ᠴᠦᠨᠭᠴᠢᠡᠭ ᠳ᠋ᠤ ᠤᠷᠤᠵᠤ ᠬᠤᠨᠤᠭᠯᠠᠪᠠ᠃

︽ᠬᠤᠷᠮᠤᠰᠳᠠ ᠵᠢᠨ ᠲᠠᠰᠢᠭᠤᠷ ᠬᠤᠭᠤᠷᠠᠭᠰᠠᠨ ᠭᠠᠵᠠᠷ︾ ᠪᠤᠶᠤ

ᠮᠦᠨᠭᠬᠡ ᠬᠠᠭᠠᠨ ᠤ ᠨᠠᠰᠤ ᠪᠠᠷᠠᠭᠰᠠᠨ ᠨᠢᠭᠤᠴᠠ

1 ᠰᠠᠷ᠎ᠠ ᠵᠢᠨ 31 ᠤ ᠦᠷᠯᠥᠬᠡ ᠪᠢᠳᠠ ᠪᠠᠭᠤᠳᠠᠯ ᠤᠨ ᠭᠠᠵᠠᠷ ᠤᠨ ᠬᠤᠭᠤᠯᠠ ᠵᠤᠭᠤᠭᠯᠠᠭᠠᠳ ᠮᠸᠲᠷᠤ ︵轻轨︶ ᠳ᠋ᠤ ᠭᠠᠷᠴᠤ ᠯᠢ ᠽᠢ ᠪᠠ ︵李子坝︶ ᠦᠷᠲᠡᠭᠡᠨ ᠳ᠋ᠤ ᠬᠦᠷᠴᠤ ᠪᠠᠭᠤᠯ᠎ᠠ᠃ ᠡᠨᠡ ᠪᠤᠯ ᠴᠦᠨᠭᠴᠢᠡᠭ ᠬᠤᠲᠠ ᠵᠢᠨ ᠨᠢᠬᠡᠨ ᠦᠵᠡᠮᠦᠷᠢ᠂ ᠲᠠᠷᠤᠢ ᠮᠸᠲᠷᠤ ᠬᠡᠬᠦ ᠵᠦᠢᠯ ᠡᠨᠡ ᠬᠤᠲᠠ ᠳ᠋ᠤ ᠭᠠᠵᠠᠷ ᠲᠤᠤᠭᠤᠷ᠂ ᠲᠡᠭᠡᠬᠦᠷ ᠴᠦᠮ ᠶᠠᠪᠤᠬᠤ ᠪᠦᠭᠡᠳ ᠰᠠᠭᠤᠭᠠᠯᠢ ᠠᠷᠠᠳ ᠤᠨ ᠠᠰᠠᠷ ᠢ ᠴᠤ ᠴᠤᠭᠤᠯᠤᠭᠠᠳ ᠭᠠᠷᠴᠢᠬᠠᠳᠠᠭ ᠵᠢᠡᠷ ᠵᠢᠡᠨ ᠨᠡᠷ᠎ᠡ ᠳ᠋ᠤ ᠭᠠᠷᠴᠠᠢ᠃ ᠠᠭᠤᠯᠠᠨ ᠤ ᠬᠤᠲᠠ ᠬᠡᠳᠡᠭ ᠵᠢᠡᠷ ᠵᠢᠡᠨ ᠠᠯᠳᠠᠷᠲᠠᠢ ᠪᠤᠯᠬᠤᠷ ᠴᠢ ᠦᠪᠡᠷ ᠢ ᠪᠡᠨ ᠬᠡᠳᠦᠳᠦᠬᠡᠷ ᠲᠠᠪᠬᠤᠷ ᠲᠤ ᠶᠠᠪᠤᠭ᠎ᠠ ᠪᠡᠨ ᠡᠬᠦᠷᠢᠳᠡ ᠰᠠᠨᠠᠵᠤ ᠤᠯᠬᠤ ᠦᠭᠡᠢ᠃ ᠲᠠᠷᠠᠭ᠎ᠠ ᠨᠢ ᠺᠦᠢ ᠰᠢᠡᠭ ᠠᠰᠠᠷ ᠲᠤ ᠬᠦᠷᠦᠯ᠎ᠡ᠂ ᠡᠨᠡ ᠪᠤᠯ ᠨᠡᠡᠭ ᠭᠠᠶᠢᠬᠠᠮᠰᠢᠭᠲᠠᠢ᠂ ᠪᠢᠳᠠ ᠦᠷᠲᠡᠭᠡᠨ ᠡᠴᠡ ᠪᠠᠭᠤᠭᠠᠳ ᠵᠡᠬᠡᠯᠢ ᠪᠡᠷ ᠶᠠᠪᠠᠭᠠᠨ ᠠᠯᠬᠤᠯᠠᠵᠤ ᠪᠠᠶᠢᠭᠠᠳ ᠬᠡᠨᠡᠳᠲᠡ ᠨᠢᠬᠡ ᠬᠦᠬᠦᠷᠭᠡ ᠬᠦᠷᠦᠭᠡᠳ ᠲᠤᠷᠤᠭᠰᠢ ᠬᠠᠷᠠᠭᠰᠠᠨ ᠴᠢᠨᠢ ᠬᠤᠷᠢᠨ ᠲᠦᠷᠪᠡᠳᠦᠬᠡᠷ ᠠᠰᠠᠷ ᠲᠤ ᠶᠠᠪᠤᠵᠤ ᠪᠠᠶᠢᠯ᠎ᠠ᠃ ᠠᠭᠤᠯᠠ ᠵᠢᠨ ᠬᠤᠲᠠ ᠬᠡᠳᠡᠭ ᠲᠡᠭᠡᠨ ᠦᠨᠡᠨ ᠪᠠᠷᠳᠠᠮ ᠠᠵᠤᠭᠤ᠃

ᠦᠳᠡ ᠳ᠋ᠤ ᠪᠢᠳᠠ ᠬᠤᠡᠭ ᠶᠠ ᠳ᠋ᠦᠡᠭ ᠳ᠋ᠤ ᠬᠦᠷᠴᠤ ᠬᠠᠯᠠᠭᠤᠨ ᠲᠤᠭᠤᠭ᠎ᠠ ᠢᠳᠡᠭᠡᠳ ᠲᠡᠨᠳᠡ ᠪᠡᠨ ᠨᠢᠬᠡ ᠦᠳᠡ ᠵᠢᠨ ᠬᠤᠶᠢᠨ᠎ᠠ ᠲᠤᠭᠤᠷᠢᠵᠤ᠂ ᠠᠷᠢᠬᠢᠨ ᠮᠤᠬᠤᠯᠢᠭ ᠲᠤ ᠠᠶ᠎ᠠ ᠳᠠᠭᠤᠤ ᠰᠤᠨᠢᠷᠬᠠᠨ ᠴᠠᠢ ᠤᠤᠭᠤᠵᠤ᠂ ᠤᠷᠤᠶᠢᠬᠠᠨ ᠪᠠᠭᠤᠳᠠᠯ ᠳ᠋ᠠᠭᠠᠨ ᠬᠦᠷᠴᠤ ᠠᠮᠠᠷᠠᠯ᠎ᠠ᠃

ᠲᠠᠷᠠᠭ᠎ᠠ ᠦᠷᠯᠥᠬᠡ ᠨᠢ ᠡᠷᠳᠡᠯᠡᠨ ᠪᠤᠰᠴᠤ ᠪᠠᠭᠤᠳᠠᠯ ᠳ᠋ᠤ ᠲᠦᠬᠦᠮ ᠬᠤᠭᠤᠯᠠ ᠢᠳᠡᠭᠡᠳ ᠴᠦᠨᠭᠴᠢᠡᠭ ᠬᠤᠲᠠ ᠵᠢᠨ ᠬᠠᠷᠢᠶᠠᠨ ᠳ᠋ᠤ ᠪᠠᠶᠢᠭ᠎ᠠ ᠡᠾᠴᠤᠸᠠᠨ ᠲᠤᠭᠤᠷᠢᠭ︵合川区︶ ᠤᠨ ᠳ᠋ᠢᠶᠤᠤ ᠢᠤᠢ ᠴᠸᠡᠭ︵钓鱼城︶ ᠳ᠋ᠤ ᠬᠦᠷᠦᠯ᠎ᠡ᠃ ᠡᠨᠡᠬᠦ ᠭᠠᠵᠠᠷ ᠨᠢ ᠮᠠᠨ ᠤ ᠮᠤᠨᠭᠭᠤᠯ ᠲᠠᠢ ᠰᠢᠭᠤᠳ ᠬᠤᠯᠪᠤᠭ᠎ᠠ ᠲᠠᠢ ᠪᠢᠯᠡ᠃ ᠳ᠋ᠢᠶᠤᠤ ᠢᠤᠢ ᠴᠸᠡᠭ ᠨᠢ ᠵᠢᠶᠠ ᠯᠢᠡᠭ ᠵᠢᠶᠠᠡᠭ ᠮᠦᠷᠡᠨ︵嘉陵江︶᠂ ᠴᠢᠤᠢ ᠵᠢᠶᠠᠡᠭ ᠮᠦᠷᠡᠨ︵渠江︶ ᠪᠠ ᠹᠦ ᠵᠢᠶᠠᠡᠭ ᠮᠦᠷᠡᠨ︵涪江︶ ᠵᠢᠡᠷ ᠭᠤᠷᠪᠡᠨ ᠲᠠᠯ᠎ᠠ ᠪᠡᠷ ᠵᠢᠡᠨ ᠬᠦᠷᠢᠶᠡᠯᠡᠬᠦᠯᠵᠤ᠂ ᠭᠠᠵᠠᠷ ᠤᠨ ᠪᠠᠶᠢᠴᠠ ᠪᠡᠷᠭᠡ ᠪᠠᠷᠲᠠᠭ᠎ᠠ ᠲᠠᠢ᠂ ᠠᠭᠤᠯᠠᠨ ᠤᠷᠤᠢ ᠳ᠋ᠤ ᠭᠠᠷᠬᠤ ᠵᠠᠮ ᠨᠢ ᠤᠯᠠᠨᠭᠭᠢ ᠨᠢ ᠡᠭᠴᠡ ᠠᠰᠬ᠎ᠠ ᠪᠠᠶᠢᠵᠤ᠂ ᠠᠰᠬ᠎ᠠ ᠬᠠᠳᠠᠨ ᠤ ᠲᠡᠭᠡᠬᠦᠷ ᠬᠡᠷᠡᠮ ᠪᠠᠷᠢᠵᠠᠢ᠃ ᠡᠨᠡᠬᠦ ᠬᠡᠷᠡᠮ ᠨᠢ ᠮᠦᠷᠡᠨ ᠤ ᠤᠷᠤᠰᠬᠠᠯ ᠪᠠ ᠲᠠᠯ᠎ᠠ ᠭᠠᠵᠠᠷ ᠡᠴᠡ 300 ᠮᠸᠲᠷ ᠦᠨᠳᠦᠷ ᠪᠠᠶᠢᠯ᠎ᠠ᠂ ᠰᠤᠷᠪᠤᠯᠵᠢ ᠪᠢᠴᠢᠭ ᠲᠤ︽ᠲᠡᠭᠷᠢ ᠶ᠋ᠢ ᠲᠦᠰᠢᠨ ᠨᠢᠬᠡᠨ ᠵᠦᠭ ᠲᠤ ᠰᠡᠬᠦᠢᠨ ᠲᠤᠯᠭᠠᠭᠤᠷᠢᠯᠠᠵᠤ᠂ ᠭᠤᠷᠪᠡᠨ ᠲᠠᠯ᠎ᠠ ᠪᠡᠷ ᠵᠢᠡᠨ ᠮᠦᠷᠡᠨ ᠲᠠᠢ ᠨᠢᠭᠤᠷᠯᠡᠨ ᠭᠠᠵᠠᠷ ᠤᠨ ᠪᠠᠶᠢᠴᠠ ᠡᠭᠴᠡ ᠪᠠᠷᠲᠠᠭ᠎ᠠ ᠲᠠᠢ ᠡᠾᠸᠵᠸᠤ︵ᠤᠳᠤ ᠵᠢᠨ ᠡᠾᠴᠤᠸᠠᠨ ᠲᠤᠭᠤᠷᠢᠭ︶︾ᠬᠡᠮᠡᠨ ᠲᠡᠮᠲᠡᠭᠯᠡᠵᠤ ᠪᠠᠶᠢᠳᠠᠭ᠃ 1259 ᠤᠨ ᠳ᠋ᠤ ᠮᠦᠨᠭᠬᠡ ᠬᠠᠭᠠᠨ ᠡᠨᠳᠡ ᠨᠠᠰᠤ ᠨᠦᠭᠴᠢᠭᠰᠠᠨ ᠠᠵᠢ᠃

ᠳᠡᠯᠡᠬᠡᠢ ᠵᠢᠨ ᠬᠡᠪᠴᠢᠶᠡᠨ ᠳ᠋ᠤ ᠭᠠᠵᠠᠷ ᠵᠢᠡᠨ ᠲᠡᠯᠡᠵᠤ ᠪᠦᠬᠦᠢ ᠮᠤᠨᠭᠭᠤᠯᠴᠤᠳ ᠤᠨ ᠲᠤᠬᠠᠢ ᠵᠢᠨ ᠦᠶ᠎ᠡ ᠵᠢᠨ ᠪᠠᠶᠢᠳᠠᠯ ᠵᠢᠡᠷ ᠠᠪᠴᠤ ᠬᠡᠯᠡᠪᠡᠯ ᠡᠨᠡ ᠦᠶ᠎ᠡ ᠳ᠋ᠤ ᠭᠠᠵᠠᠷ ᠨᠤᠲᠤᠭ ᠤᠨ ᠲᠠᠯᠠᠪᠠᠢ ᠬᠠᠮᠤᠭ ᠶᠡᠭᠡ ᠳ᠋ᠡᠬᠡᠨ ᠬᠦᠷᠴᠤ ᠪᠠᠶᠢᠭᠰᠠᠨ ᠦᠶ᠎ᠡ ᠪᠢᠯᠡ᠃ 1258 ᠤᠨ ᠳ᠋ᠤ ᠮᠦᠨᠭᠬᠡ ᠬᠠᠭᠠᠨ ᠭᠤᠷᠪᠡᠨ ᠵᠠᠮ ᠤᠨ ᠴᠡᠷᠢᠭ ᠢ ᠠᠪᠴᠤ ᠡᠮᠦᠨᠡᠲᠤ ᠰᠦᠡᠭ ᠤᠯᠤᠰ ᠢ ᠳᠠᠶᠢᠯᠠᠷ᠎ᠠ ᠮᠤᠷᠳᠠᠭᠠᠳ ᠰᠸᠴᠤᠸᠠᠨ ᠤ ᠭᠠᠵᠠᠷ ᠨᠤᠲᠤᠭ ᠢ ᠪᠠᠷᠤᠭ ᠪᠦᠬᠦᠨ ᠢ ᠡᠵᠡᠯᠡᠵᠤ ᠵᠡᠬᠦᠨᠰᠢᠯᠡᠬᠦ ᠵᠠᠮ ᠵᠠᠭᠤᠷ᠎ᠠ ᠳ᠋ᠢᠶᠤᠤ ᠢᠤᠢ ᠴᠸᠡᠭ ᠤᠨ ᠲᠤᠤᠷ᠎ᠠ ᠬᠦᠷᠴᠤ ᠢᠷᠡᠵᠡᠢ᠃ ᠵᠠᠮ ᠲᠤᠷᠰᠢ ᠬᠠᠨᠳᠤᠭᠰᠠᠨ ᠵᠦᠭ ᠲᠤ ᠲᠠᠶᠢᠰᠤᠨ ᠦᠭᠡᠢ ᠶᠠᠪᠤᠭᠰᠠᠨ ᠮᠦᠨᠭᠭᠡ ᠬᠠᠭᠠᠨ ᠲᠤᠰ ᠭᠠᠵᠠᠷ ᠢ  ᠴᠤ ᠬᠢᠯᠪᠡᠷᠬᠠᠨ ᠵᠢᠡᠷ ᠠᠪᠴᠤ ᠪᠤᠯᠬᠤ ᠬᠡᠮᠡᠨ ᠰᠠᠨᠠᠭᠰᠠᠨ ᠪᠤᠯᠪᠠᠴᠤ ᠡᠨᠳᠡᠬᠢ ᠭᠠᠵᠠᠷ ᠪᠠᠶᠢᠴᠠ ᠪᠡᠷᠭᠡ ᠪᠠᠷᠲᠠᠭ᠎ᠠ ᠲᠠᠢ᠂ ᠮᠦᠨᠴᠤ ᠠᠭᠤᠷ ᠠᠮᠢᠰᠬᠤᠯ ᠪᠦᠭᠴᠢᠮ ᠬᠠᠯᠠᠭᠤᠨ᠂ ᠡᠬᠦᠨ ᠤ ᠬᠠᠮᠲᠤ ᠲᠤᠬᠠᠢ ᠵᠢᠨ ᠭᠠᠵᠠᠷ ᠤᠨ ᠴᠡᠷᠢᠭ ᠠᠷᠠᠳ ᠳ᠋ᠢᠶᠤᠤ ᠢᠤᠢ ᠴᠸᠡᠭ ᠠᠭᠤᠯᠠᠨ ᠳ᠋ᠠᠭᠠᠨ ᠪᠠᠲᠤ ᠢᠲᠡᠬᠡᠵᠤ᠂ ᠦᠬᠦᠪᠡᠷ ᠡᠰᠡᠷᠬᠦᠴᠡᠭᠰᠡᠨ ᠡᠴᠡ ᠪᠤᠯᠵᠤ ᠮᠦᠨᠭᠬᠡ ᠬᠠᠭᠠᠨ ᠰᠢᠳᠠᠷ ᠵᠠᠨᠭᠵᠤᠨ ᠸᠠᠡᠭ ᠳ᠋ᠸ ᠴᠸᠨ ᠵᠢᠡᠨ ᠦᠷᠡᠭᠳᠡᠬᠦᠯᠪᠡ᠃ ᠮᠦᠨᠭᠬᠡ ᠬᠠᠭᠠᠨ ᠪᠦᠬᠦ ᠬᠦᠴᠦ ᠪᠡᠨ ᠰᠢᠪᠬᠠᠨ ᠡᠨᠡ ᠵᠢᠵᠢᠭᠬᠡᠨ ᠭᠠᠵᠠᠷ ᠢ ᠡᠵᠡᠯᠡᠬᠦ ᠪᠡᠷ ᠤᠷᠤᠯᠳᠤᠭᠰᠠᠨ ᠪᠤᠯᠪᠠᠴᠤ ᠲᠡᠶᠢᠯᠥᠬᠡ ᠦᠭᠡᠢ ᠨᠠᠰᠤ ᠨᠦᠭᠴᠢᠭᠰᠡᠨ ᠪᠠᠶᠢᠨ᠎ᠠ᠃ ᠡᠨᠡ ᠴᠢᠮᠡᠬᠡ ᠤᠯᠠᠮᠵᠢᠯᠠᠭᠳᠠᠨ ᠳᠠᠮᠵᠢᠮᠠᠭᠴᠠ᠂ ᠠᠯᠤᠰ ᠪᠠᠷᠠᠭᠤᠨ ᠬᠢᠵᠠᠭᠠᠷ ᠲᠤ ᠪᠠᠶᠢᠭ᠎ᠠ ᠮᠤᠨᠭᠭᠤᠯ ᠴᠡᠷᠢᠭ ᠪᠠᠷᠤᠭ ᠪᠦᠬᠦᠳᠡᠭᠡᠷ ᠵᠢᠡᠨ ᠡᠬᠡᠵᠤ ᠪᠤᠴᠠᠭᠰᠠᠨ ᠤᠴᠢᠷᠲᠠᠢ᠃ ᠤᠯᠠᠭᠠᠨ ᠲᠠᠨᠭᠭᠢᠰ ᠤᠨ ᠡᠷᠬᠢ ᠳ᠋ᠤ ᠪᠠᠶᠢᠭ᠎ᠠ ᠮᠤᠨᠭᠭᠤᠯ ᠴᠡᠷᠢᠭ ᠶᠠᠭ ᠰᠠᠶᠢᠬᠠᠨ ᠶᠵᠢᠫᠸᠲ ᠶ᠋ᠢ ᠳᠠᠭᠠᠷᠢᠬᠤ ᠪᠡᠷ ᠪᠡᠯᠡᠬᠡᠨ ᠪᠠᠶᠢᠵᠠᠢ᠂ ᠬᠡᠪᠡᠴᠤ ᠮᠦᠨᠭᠬᠡ ᠬᠠᠭᠠᠨ ᠡᠨᠳᠡ ᠨᠠᠰᠤ ᠨᠦᠭᠴᠢᠭᠰᠡᠨ ᠡᠴᠡ ᠠᠷᠭ᠎ᠠ ᠪᠤᠰᠤ ᠪᠤᠴᠠᠵᠤ᠂ ᠭᠤᠷᠪᠡᠨ ᠲᠢᠪ ᠢ ᠡᠵᠡᠯᠡᠬᠦ ᠶᠠᠪᠤᠳᠠᠯ ᠬᠤᠭᠤᠰᠤᠳᠠᠭᠰᠠᠨ ᠪᠠᠶᠢᠨ᠎ᠠ᠃ ᠮᠦᠨᠴᠤ ᠡᠸᠦ᠋ᠷᠦᠫᠠ ᠵᠢᠨ ᠤᠯᠤᠰ ᠤᠷᠤᠨ ᠨᠤᠭᠤᠳ ᠳᠠᠶᠢᠨ ᠤ ᠬᠦᠯ ᠡᠴᠡ ᠵᠠᠶᠢᠯᠠᠵᠤ ᠴᠢᠳᠠᠵᠠᠢ᠃ ᠲᠡᠶᠢᠮᠤ ᠪᠤᠯᠬᠤᠷ ᠳ᠋ᠢᠶᠤᠤ ᠢᠤᠢ ᠴᠸᠡᠭ ᠢ︽ᠬᠤᠷᠮᠤᠰᠳᠠ ᠵᠢᠨ ᠲᠠᠰᠢᠭᠤᠷ︾ᠬᠤᠭᠤᠷᠠᠭᠰᠠᠨ ᠭᠠᠵᠠᠷ ᠬᠡᠮᠡᠨ ᠵᠢᠭᠤᠯᠴᠢᠯᠠᠯ ᠤᠨ ᠤᠷᠤᠨ ᠤ ᠲᠠᠶᠢᠯᠪᠤᠷᠢ ᠳ᠋ᠠᠭᠠᠨ ᠤᠨᠴᠠᠭᠠᠶᠢᠯᠠᠨ ᠲᠡᠮᠲᠡᠭᠯᠡᠵᠤ ᠲᠠᠯᠪᠢᠭᠰᠠᠨ ᠪᠠᠶᠢᠪᠠ᠃

ᠮᠦᠨᠴᠤ ᠲᠡᠤᠬᠡ ᠵᠢᠨ ᠤᠯᠠᠨ ᠲᠡᠮᠲᠡᠭᠯᠡᠯ ᠡᠴᠡ ᠦᠵᠡᠬᠦ ᠳ᠋ᠤ ᠮᠦᠨᠭᠬᠡ ᠬᠠᠭᠠᠨ ᠤ ᠴᠤᠬᠤᠮ ᠨᠠᠰᠤ ᠪᠠᠷᠠᠭᠰᠠᠨ ᠰᠢᠯᠲᠠᠭᠠᠨ ᠨᠢ ᠴᠦᠮ ᠠᠳᠠᠯᠢ ᠪᠤᠰᠤ ᠪᠡᠷ ᠪᠢᠴᠢᠭᠳᠡᠵᠤ ᠮᠠᠨ ᠤ ᠦᠶ᠎ᠡ ᠳ᠋ᠤ ᠢᠷᠡᠬᠦ ᠳ᠋ᠤ ᠤᠨᠢᠰᠤᠭ᠎ᠠ ᠪᠤᠯᠤᠨ ᠦᠯᠡᠳᠡᠵᠡᠢ᠃ ᠡᠬᠦᠨ ᠳ᠋ᠤ ᠡᠪᠡᠳᠴᠢᠨ ᠵᠢᠡᠷ ᠨᠠᠰᠤ ᠪᠠᠷᠠᠪᠠ ᠬᠡᠬᠦ ᠨᠢᠬᠡᠳᠦᠬᠡᠷ ᠦᠵᠡᠯᠲᠡ᠃ ᠫᠸᠷᠰ ᠤᠨ ᠲᠡᠤᠬᠡᠴᠢᠨ ᠷᠠᠰᠢᠳ᠋ ︱ ᠠᠳ᠋ ︱ ᠳ᠋ᠢᠨ ᠤ︽ᠰᠤᠳᠤᠷ ᠤᠨ ᠴᠢᠭᠤᠯᠭᠠᠨ︾ ᠤ ᠬᠤᠶᠠᠳᠤᠭᠠᠷ ᠪᠤᠳᠢ ᠵᠢᠨ︽ᠴᠢᠨᠭᠭᠢᠰ ᠬᠠᠭᠠᠨ ᠤ ᠬᠦᠪᠡᠬᠦᠨ ᠲᠤᠯᠤᠢ ᠬᠠᠭᠠᠨ ᠤ ᠬᠦᠪᠡᠬᠦᠨ ᠮᠦᠨᠭᠬᠡ ᠬᠠᠭᠠᠨ ᠤ ᠲᠤᠬᠠᠢ ᠬᠦᠤᠷᠨᠢᠯ︾ᠳ᠋ᠤ︽ᠮᠦᠨᠭᠬᠡ ᠬᠠᠭᠠᠨ ᠲᠤᠷᠠᠳᠤᠭᠰᠠᠨ ᠴᠠᠶᠢᠵᠠ ᠶ᠋ᠢ ᠪᠦᠰᠡᠯᠡᠵᠤ ᠪᠠᠶᠢᠬᠤ ᠳ᠋ᠤ ᠨᠢ ᠵᠤᠨ ᠪᠤᠯᠵᠤ᠂ ᠬᠠᠯᠠᠭᠤᠨ ᠨᠢ ᠨᠡᠮᠡᠭᠳᠡᠭᠰᠡᠭᠡᠷ ᠪᠠᠶᠢᠭᠰᠠᠨ ᠤ ᠤᠯᠠᠮ ᠡᠴᠡ ᠲᠡᠨᠳᠡᠬᠢ ᠵᠢᠨ ᠴᠠᠭ ᠠᠭᠠᠷ ᠤᠨ ᠪᠠᠶᠢᠳᠠᠯ ᠡᠴᠡ ᠪᠤᠯᠵᠤ ᠲᠡᠷᠡ ᠪᠡᠷ ᠴᠢᠰᠤᠨ ᠰᠠᠭᠤᠯᠠᠭ᠎ᠠ ᠡᠪᠡᠳᠴᠢᠨ ᠲᠤᠰᠴᠤ᠂ ᠪᠠᠰᠠ ᠴᠡᠷᠢᠭ ᠤᠳ ᠤᠨ ᠲᠤᠳᠤᠷ᠎ᠠ ᠬᠤᠯᠢᠷ᠎ᠠ ︱ ᠪᠤᠯᠴᠢᠡᠭ ᠵᠠᠳᠠᠷᠠᠬᠤ ᠳᠠᠬᠤᠯ ᠡᠪᠡᠳᠴᠢᠨ ᠳᠡᠯᠬᠡᠷᠡᠵᠤ᠂ ᠲᠡᠳᠡᠨ ᠡᠴᠡ ᠤᠯᠠᠨ ᠬᠦᠮᠦᠨ ᠨᠠᠰᠤ ᠪᠠᠷᠠᠭᠰᠠᠨ ᠪᠠᠶᠢᠨ᠎ᠠ᠃ ᠳᠡᠯᠡᠬᠡᠢ ᠵᠢᠨ ᠡᠵᠡᠨᠲᠡᠨ ᠡᠨᠡ ᠡᠪᠡᠳᠴᠢᠨ ᠤ ᠡᠰᠡᠷᠬᠦ ᠲᠠᠷᠠᠰᠤ ᠬᠡᠷᠡᠭᠯᠡᠳᠡᠭ ᠪᠠᠶᠢᠭᠰᠠᠨ ᠪᠦᠭᠡᠳ ᠪᠠᠶᠢᠨᠭᠭᠤ ᠵᠢᠨ ᠰᠢᠨᠵᠢ ᠲᠠᠢ ᠪᠤᠯᠵᠠᠢ᠃ ᠬᠡᠲᠡᠯ᠎ᠡ ᠬᠡᠨᠡᠳᠲᠡ ᠡᠪᠡᠳᠴᠢᠨ ᠦᠭᠲᠡᠷᠴᠤ᠂ ᠪᠡᠶ᠎ᠡ ᠵᠢᠨ ᠪᠠᠶᠢᠳᠠᠯ ᠨᠢ ᠬᠦᠨᠳᠦᠷᠡᠭᠡᠳ ᠲᠡᠷᠡ ᠯᠠ ᠭᠠᠢ ᠲᠠᠢ ᠴᠠᠶᠢᠵᠠ ᠵᠢᠨ ᠵᠢᠡᠨ ᠲᠡᠷᠭᠡᠳᠡ ᠨᠠᠰᠤ ᠪᠠᠷᠠᠵᠠᠢ︾ᠬᠡᠮᠡᠨ ᠲᠡᠮᠲᠡᠭᠯᠡᠨ ᠦᠯᠡᠳᠡᠬᠡᠵᠡᠢ᠃ ᠲᠠᠷᠠᠭ᠎ᠠ ᠨᠢ ᠲᠠᠶᠢᠰᠤᠨ ᠤ ᠰᠤᠮᠤᠨ ᠳ᠋ᠤ ᠬᠠᠷᠪᠤᠭᠳᠠᠨ ᠦᠷᠡᠭᠳᠡᠪᠡ ᠬᠡᠬᠦ ᠦᠵᠡᠯᠲᠡ᠃ ᠵᠠᠡᠭ ᠴᠤᠸᠠᠨ ᠰᠢ᠂ ᠯᠢ ᠫᠸᠢ ᠬᠤᠤ ᠵᠢᠨ ᠨᠠᠶᠢᠷᠠᠭᠤᠯᠤᠨ ᠵᠤᠬᠢᠶᠠᠭᠰᠠᠨ︽ᠲᠤᠮᠳᠠᠳᠤ ᠤᠯᠤᠰ ᠤᠨ ᠨᠡᠪᠲᠡᠷᠬᠡᠢ ᠲᠡᠤᠬᠡ ᠵᠢᠨ ᠲᠤᠪᠴᠢ︾᠂ ᠵᠢᠶᠠᠨ ᠪᠦᠸᠸ ᠽᠠᠨ ᠤ ᠨᠠᠶᠢᠷᠠᠭᠤᠯᠤᠭᠰᠠᠨ︽ᠲᠤᠮᠳᠠᠳᠤ ᠤᠯᠤᠰ ᠤᠨ ᠲᠡᠤᠬᠡ ᠵᠢᠨ ᠲᠤᠪᠴᠢ ᠬᠦᠳᠡᠯᠪᠦᠷᠢ︾ ᠵᠡᠷᠭᠡ ᠨᠤᠮ ᠳ᠋ᠤ ᠴᠦᠮ ᠮᠦᠨᠭᠬᠡ ᠬᠠᠭᠠᠨ ᠢ ᠰᠤᠮᠤᠨ ᠳ᠋ᠤ ᠬᠠᠷᠪᠤᠭᠳᠠᠨ ᠦᠷᠡᠭᠳᠡᠪᠡ ᠬᠡᠵᠤ ᠲᠡᠮᠲᠡᠭᠯᠡᠵᠤ ᠪᠠᠶᠢᠨ᠎ᠠ᠂ ᠮᠦᠨ ᠪᠢᠳᠠᠨ ᠤ ᠬᠦᠷᠦᠭᠰᠡᠨ ᠡᠨᠡᠬᠦ ᠠᠭᠤᠯᠠᠨ ᠤ ᠰᠢᠳᠤᠷᠭᠤ ᠵᠢᠷᠤᠮᠲᠤ ᠰᠦᠮ᠎ᠡ ᠳ᠋ᠤ ᠤᠳᠤ ᠪᠡᠷ ᠵᠢᠡᠨ ᠬᠠᠳᠠᠭᠠᠯᠠᠭᠳᠠᠵᠤ ᠪᠠᠶᠢᠭ᠎ᠠ ᠮᠢᠡᠭ ᠤᠯᠤᠰ ᠤᠨ ᠦᠶ᠎ᠡ︵1517 ᠤᠨ︶ ᠳ᠋ᠤ ᠪᠤᠰᠬᠠᠭᠰᠠᠨ ᠴᠢᠯᠠᠭᠤᠨ ᠬᠦᠰᠢᠶᠡᠨ ᠲᠡᠭᠡᠷ᠎ᠡ︽ᠰᠤᠮᠤᠨ ᠳ᠋ᠤ ᠬᠠᠷᠪᠤᠭᠳᠠᠨ ᠦᠬᠦᠪᠡ︾ᠬᠡᠮᠡᠨ ᠪᠢᠴᠢᠵᠤ ᠪᠠᠶᠢᠯ᠎ᠠ᠃ ᠲᠡᠭᠦᠨ ᠤ ᠲᠠᠷᠠᠭ᠎ᠠ ᠨᠢ ᠤᠰᠤᠨ ᠳ᠋ᠤ ᠵᠢᠪᠴᠤ ᠦᠭᠦᠭᠰᠡᠨ ᠬᠡᠬᠦ ᠦᠵᠡᠯᠲᠡ᠂ ᠦᠬᠡᠷ ᠫᠤᠤ ᠵᠢᠨ ᠴᠢᠯᠠᠭᠤᠨ ᠪᠦᠮᠪᠦᠬᠡ ᠳ᠋ᠤ ᠳᠠᠭᠠᠷᠢᠭᠳᠠᠨ ᠰᠢᠷᠬ᠎ᠠ ᠬᠦᠨᠳᠦᠷᠡᠵᠤ ᠪᠡᠶ᠎ᠡ ᠪᠠᠷᠠᠪᠠ ᠬᠡᠬᠦ ᠦᠵᠡᠯᠲᠡ᠂ ᠲᠤᠪᠲᠤᠯᠤᠯᠲᠠ ᠨᠢ ᠳᠠᠷᠠᠭᠠᠯᠠᠨ ᠨᠤᠭᠤᠷᠠᠯ ᠳ᠋ᠤ ᠤᠴᠠᠷᠠᠭᠰᠠᠨ ᠡᠴᠡ ᠪᠤᠳᠤᠯᠭ᠎ᠠ ᠪᠤᠯᠤᠨ ᠵᠤᠪᠠᠨᠢᠵᠤ ᠠᠭᠤᠷᠯᠠᠨ ᠦᠭᠦᠭᠰᠡᠨ ᠬᠡᠬᠦ ᠮᠡᠲᠤ ᠵᠢᠨ ᠵᠢᠷᠭᠤᠭ᠎ᠠ ᠲᠤᠯᠤᠭᠠᠨ ᠵᠦᠢᠯ ᠤᠨ ᠶᠠᠨᠭᠵᠤ ᠪᠡᠷ ᠲᠤᠰ ᠭᠠᠵᠠᠷ ᠲᠠᠶᠢᠯᠪᠤᠷᠢᠯᠠᠭᠳᠠᠵᠤ ᠪᠠᠶᠢᠯ᠎ᠠ᠃

ᠶᠡᠷᠤ ᠨᠢ ᠤᠳᠤᠬᠠᠨ ᠳ᠋ᠤ ᠨᠠᠢᠮᠠᠨ ᠵᠠᠭᠤᠨ ᠤ ᠲᠡᠷᠲᠡᠬᠢ ᠮᠤᠨᠭᠭᠤᠯᠴᠤᠳ ᠤᠨ ᠲᠠᠯ᠎ᠠ ᠪᠡᠷ ᠬᠢ ᠲᠡᠤᠬᠡᠨ ᠲᠡᠮᠲᠡᠭᠯᠡᠯ ᠨᠡᠯᠢᠶᠡᠳ ᠬᠤᠪᠤᠷ ᠪᠠᠶᠢᠵᠤ᠂ ᠡᠬᠦᠨ ᠳ᠋ᠤ︽ᠮᠤᠨᠭᠭᠤᠯ ᠤᠨ ᠨᠢᠭᠤᠴᠠ ᠲᠤᠪᠴᠢᠶᠠᠨ︾᠂︽ᠰᠤᠳᠤᠷ ᠤᠨ ᠴᠢᠭᠤᠯᠭᠠᠨ︾᠂︽ᠶᠤᠸᠠᠨ ᠤᠯᠤᠰ ᠤᠨ ᠲᠡᠤᠬᠡ︾ᠨᠢ ᠮᠤᠨᠭᠭᠤᠯ ᠤᠨ ᠡᠷᠲᠡᠨ ᠤ ᠲᠡᠤᠬᠡ ᠵᠢᠨ ᠭᠤᠷᠪᠡᠨ ᠲᠤᠯᠭᠤᠷ ᠪᠢᠴᠢᠭ ᠪᠤᠯᠵᠤ ᠦᠯᠡᠳᠡᠵᠡᠢ᠃ ᠦᠭᠡᠷ᠎ᠡ ᠪᠤᠰᠤᠳ ᠪᠢᠴᠢᠭ ᠰᠤᠳᠤᠷ ᠤᠳᠤᠬᠠᠨ ᠳ᠋ᠤ ᠡᠳᠦᠢ ᠲᠡᠳᠦᠢ ᠪᠠᠶᠢᠭ᠎ᠠ ᠪᠤᠯᠪᠠᠴᠤ ᠵᠠᠷᠢᠮ ᠨᠢ ᠲᠠᠰᠢᠶᠠᠷᠠᠭᠰᠠᠨ᠂ ᠲᠡᠤᠬᠡ ᠶ᠋ᠢ ᠭᠠᠵᠢᠭᠤᠳᠠᠭᠤᠯᠤᠭᠰᠠᠨ ᠶᠠᠪᠤᠳᠠᠯ ᠤᠷᠤᠰᠢᠵᠤ ᠪᠤᠢ᠃ ᠡᠳᠡᠭᠡᠷ ᠢ ᠤᠬᠠᠭᠠᠯᠢᠭ ᠵᠢᠡᠷ ᠤᠶᠢᠯᠠᠭᠠᠬᠤ ᠬᠡᠷᠡᠭᠲᠡᠢ᠃ ᠪᠢᠳᠠ ᠡᠨᠳᠡ 150 ᠲᠦᠬᠦᠷᠢᠭ ᠵᠢᠡᠷ ᠨᠢᠬᠡ ᠲᠠᠶᠢᠯᠪᠤᠷᠢᠯᠠᠭᠴᠢ ᠠᠪᠴᠤ ᠴᠠᠭ ᠭᠠᠷᠤᠢ ᠵᠢᠨ ᠬᠤᠭᠤᠴᠠᠭ᠎ᠠ ᠲᠠᠢ ᠪᠡᠷ ᠲᠤᠰ ᠭᠠᠵᠠᠷ ᠤᠨ ᠦᠭᠡᠷ᠎ᠡ ᠪᠤᠰᠤᠳ ᠲᠡᠤᠬᠡ ᠰᠤᠶᠤᠯ ᠢ ᠶᠠᠷᠢᠭᠤᠯᠤᠭᠠᠳ ᠦᠳᠡ ᠦᠨᠭᠬᠡᠷᠡᠬᠦ ᠳ᠋ᠤ ᠡᠨᠳᠡ ᠡᠴᠡ ᠭᠠᠷᠴᠤ ᠰᠸᠴᠤᠸᠠᠨ ᠮᠤᠵᠢ ᠵᠢᠨ ᠲᠦᠪ ᠪᠤᠯᠬᠤ ᠴᠡᠸᠨᠭᠳᠦ᠋ ᠬᠤᠲᠠᠨ᠎ᠠ ᠬᠦᠷᠴᠤ ᠲᠠᠢ ᠭᠦ ᠯᠢ︵太古里︶ ᠳ᠋ᠤ ᠲᠤᠭᠤᠷᠢᠯ᠎ᠠ᠃ ᠮᠡᠳᠡᠬᠡᠵᠢ ᠰᠸᠴᠤᠸᠠᠨ ᠮᠤᠵᠢ ᠨᠢ ᠲᠤᠮᠳᠠᠳᠤ ᠤᠯᠤᠰ ᠤᠨ ᠮᠠᠯᠤᠷ ᠦᠳᠡᠭᠡ ᠵᠢᠨ ᠭᠤᠤᠯ ᠤᠷᠤᠨ ᠪᠤᠯᠬᠤᠷ ᠵᠡᠬᠡᠯᠢ ᠵᠢᠨ ᠵᠠᠬ᠎ᠠ ᠵᠢᠨ ᠮᠠᠶᠢᠮᠠᠢ ᠳ᠋ᠤ ᠮᠠᠯᠤᠷ ᠦᠳᠡᠭᠡ ᠵᠢᠨ ᠵᠢᠵᠢᠭ ᠲᠤᠮᠤ ᠪᠦᠰ ᠵᠠᠭᠪᠤᠷ ᠵᠢᠡᠷ ᠲᠦᠬᠦᠷᠡᠡᠭ ᠪᠠᠶᠢᠪᠠ᠃ ᠨᠡᠡᠭ  ᠴᠤ ᠲᠠᠢ ᠭᠦ ᠯᠢ ᠵᠢᠨ ᠬᠠᠵᠠᠭᠤ ᠳ᠋ᠡᠬᠢ ᠨᠢᠬᠡᠨ ᠲᠤᠮᠤ ᠠᠰᠠᠷ ᠤᠨ ᠭᠠᠳᠠᠨ᠎ᠠ ᠲᠠᠯ᠎ᠠ ᠳ᠋ᠤ ᠠᠰᠠᠷ ᠢ ᠠᠪᠠᠷᠢᠵᠤ ᠪᠠᠶᠢᠭ᠎ᠠ ᠮᠠᠰᠢ ᠲᠤᠮᠤ ᠮᠠᠯᠤᠷ ᠦᠲᠡᠭᠡ ᠶ᠋ᠢ ᠱᠤᠭᠤᠵᠤ ᠲᠠᠯᠪᠢᠭᠰᠠᠨ ᠵᠢᠡᠷ ᠮᠠᠰᠢ ᠤᠯᠠᠨ ᠵᠤᠭᠠᠴᠠᠭᠰᠠᠳ ᠢ ᠲᠠᠳᠠᠬᠤ ᠠᠵᠢ᠃