ᠡᠯᠢᠭᠡᠨ ᠬᠠᠢᠷᠠᠲᠤ ᠡᠬᠡ ᠣᠷᠣᠨ

 ᠄ 2026-09-29 07:30:16


ᠠᠯᠳᠠᠯᠠᠬᠰᠠᠨ ᠬᠠᠳᠠᠭ ᠰᠢᠭ᠋ ᠠᠭᠤᠳᠠᠮ ᠣᠭᠲᠠᠷᠭᠤᠢ ᠮᠢᠨᠤ ᠡᠬᠡ ᠣᠷᠣᠨ

ᠠᠷᠤ ᠶ᠋ᠢᠨ ᠰᠠᠢᠬᠠᠨ ᠬᠠᠩᠭᠠᠢ ᠵᠡᠯᠢᠭᠦᠳ ᠮᠢᠨᠤ ᠡᠬᠡ ᠣᠷᠣᠨ

ᠡᠪᠬᠡᠷᠡᠯᠳᠦᠭ᠍ᠰᠡᠨ ᠡᠭᠦᠯᠡᠰ ᠡᠴᠡ ᠠᠰᠬᠠᠷᠠᠬᠤ ᠪᠢᠯᠢᠭ ᠤᠨ ᠬᠤᠷ᠎ᠠ ᠮᠢᠨᠤ ᠡᠬᠡ ᠣᠷᠣᠨ

ᠡᠮᠨᠢᠭ ᠤᠨ ᠨᠢᠷᠤᠭᠤᠨ ᠳ᠋ᠥ ᠡᠷᠡᠮᠡᠬᠡᠢᠯᠡᠨ ᠳᠡᠭᠦᠯᠢᠭ᠍ᠰᠡᠨ ᠡᠷᠬᠡ ᠬᠣᠩᠭᠣᠷ ᠨᠠᠰᠤ ᠮᠢᠨᠤ                                                ᠡᠬᠡ ᠣᠷᠣᠨ

ᠠᠭᠤᠵᠢᠭᠤ ᠲᠡᠷᠯᠢᠭ ᠤᠨ ᠬᠢᠨᠢ ᠡ᠊ᠩᠭᠡᠷ ᠲᠠᠭᠢ ᠤᠷᠠᠨ ᠬᠠᠳᠬᠤᠮᠠᠯ ᠮᠢᠨᠤ ᠡᠬᠡ ᠣᠷᠣᠨ

ᠠᠳᠤᠭᠤ ᠳᠣᠷᠭᠢᠯᠳᠤᠭᠰᠠᠨ ᠣᠲᠣᠷ ᠤᠨ ᠬᠥᠬᠡ ᠪᠠᠭᠤᠴᠠ ᠮᠢᠨᠤ ᠡᠬᠡ ᠣᠷᠣᠨ

ᠠᠯᠲᠠᠢ ᠶ᠋ᠢᠨ ᠰᠠᠯᠬᠢ ᠪᠠᠷ ᠰᠡᠪᠰᠢᠭᠦᠯᠦᠭ᠍ᠰᠡᠨ ᠪᠤᠭᠤᠷᠤᠯ ᠠᠭᠤᠯᠠᠰ ᠮᠢᠨᠤ ᠡᠬᠡ ᠣᠷᠣᠨ

ᠠᠯᠳᠠᠨ ᠲᠢᠳᠢᠮᠳᠦ ᠪᠠᠭᠠᠲᠤᠷᠴᠤᠳ ᠤᠨ ᠲᠠᠷᠬᠠᠨ ᠥᠯᠥᠭᠡᠢ ᠮᠢᠨᠤ ᠡᠬᠡ ᠣᠷᠣᠨ


ᠤᠢᠳᠬᠠᠷ ᠠᠯᠳᠠᠷᠠᠭᠠᠬᠤ ᠤᠷᠳᠤ ᠶ᠋ᠢᠨ ᠳᠠᠭᠤᠤ ᠶ᠋ᠢᠨ ᠤᠶᠠᠬᠠᠨ ᠨᠤᠭᠤᠯᠤᠭ᠎ᠠ ᠮᠢᠨᠤ                                               ᠡᠬᠡ ᠣᠷᠣᠨ

ᠣᠩᠭᠣᠳ ᠴᠠᠬᠢᠯᠠᠵᠤ ᠥᠷᠥᠴᠡᠨ ᠡᠴᠡ ᠤᠨᠳᠤᠷᠤᠬᠰᠠᠨ ᠤᠶᠠᠩᠭ᠎ᠠ ᠶ᠋ᠢᠨ ᠲᠦᠷᠢᠯᠭᠡ                                             ᠮᠢᠨᠤ ᠡᠬᠡ ᠣᠷᠣᠨ

ᠬᠡᠭᠡᠷ᠎ᠡ ᠶ᠋ᠢᠨ ᠴᠠᠭᠠᠨ ᠰᠠᠯᠬᠢᠨ ᠤ ᠭᠦᠪ ᠬᠥᠩᠭᠡᠬᠡᠨ ᠤᠷᠤᠮ ᠮᠢᠨᠤ ᠡᠬᠡ ᠣᠷᠣᠨ

ᠭᠡᠳᠡ ᠴᠠᠬᠢᠭᠤᠷ ᠸᠴᠢᠷ ᠠᠯᠮᠠᠰ ᠤᠨ ᠭᠡᠷᠡᠯᠳᠦᠭᠦ ᠲᠣᠭᠠᠯᠠᠩ ᠪᠦᠷᠢ ᠮᠢᠨᠤ ᠡᠬᠡ ᠣᠷᠣᠨ

ᠠᠷᠭᠠᠯ ᠤᠨ ᠴᠡᠩᠬᠡᠷ ᠤᠳᠤᠭ᠎ᠠ ᠠᠢᠷᠠᠭ ᠤᠨ ᠡᠬᠡᠭᠦᠨ ᠠᠮᠲᠠ ᠮᠢᠨᠤ ᠡᠬᠡ ᠣᠷᠣᠨ

ᠠᠭᠢ ᠲᠠᠭᠠᠨ᠎ᠠ ᠶ᠋ᠢᠨ ᠦᠨᠦᠷ ᠲᠠᠢ ᠥᠨᠢᠷ ᠪᠠᠢᠭᠠᠯᠢᠯᠢᠭ ᠳᠡᠯᠡᠬᠡᠢ ᠮᠢᠨᠤ ᠡᠬᠡ ᠣᠷᠣᠨ

ᠠᠯᠠᠭ ᠴᠡᠴᠡᠭᠡᠰ ᠤᠨ ᠮᠢᠷᠠᠯᠵᠠᠯ ᠠᠨᠠᠷ ᠵᠢᠮᠢᠰ ᠤᠨ ᠪᠥᠭ᠍ᠴᠥᠭᠡᠨᠡᠭᠡ ᠮᠢᠨᠤ ᠡᠬᠡ ᠣᠷᠣᠨ

ᠠᠷᠭᠤᠮᠠᠭ ᠲᠤᠬᠰᠢᠨ ᠭᠦᠯᠦᠭ ᠠᠳᠤᠭᠤᠨ ᠲᠣᠭᠣᠰᠣ ᠲᠠᠢ ᠨᠤᠲᠤᠭ ᠮᠢᠨᠤ ᠡᠬᠡ                                                 ᠣᠷᠣᠨ

ᠪᠤᠯᠠᠭ ᠱᠠᠩᠳᠠ ᠶ᠋ᠢᠨ ᠪᠤᠷᠭᠢᠯ ᠲᠠᠢ ᠪᠤᠮᠠᠨ ᠬᠡᠰᠢᠭ ᠲᠠᠢ ᠮᠢᠨᠤ ᠡᠬᠡ ᠣᠷᠣᠨ

ᠪᠣᠰᠣᠭ᠎ᠠ ᠬᠡᠢᠮᠣᠷᠢᠲᠤ ᠬᠣᠢᠴᠢᠰ ᠲᠠᠢ ᠪᠤᠶᠠᠨ ᠦᠯᠡᠮᠵᠢ ᠮᠢᠨᠤ ᠡᠬᠡ ᠣᠷᠣᠨ

ᠨᠠᠷᠠ ᠪᠠᠨ ᠳᠠᠮᠨᠠᠭᠰᠠᠨ ᠨᠡᠭᠦᠳᠡᠯ ᠤᠨ ᠰᠢᠪᠠᠭᠤᠳ ᠤᠨ ᠵᠡᠯᠡᠯᠡᠭᠡ ᠮᠢᠨᠤ ᠡᠬᠡ ᠣᠷᠣᠨ

ᠨᠠᠪᠴᠢᠰ ᠨᠢ ᠰᠢᠷᠭᠠᠯᠲᠤᠭᠰᠠᠨ ᠨᠠᠮᠤᠷ ᠤᠨ ᠲᠤᠰᠤᠨ ᠵᠢᠷᠤᠭ ᠮᠢᠨᠤ ᠡᠬᠡ ᠣᠷᠣᠨ


ᠪᠣᠲᠣᠭᠣᠨ ᠪᠣᠢᠯᠠᠭᠠᠨ ᠳ᠋ᠤᠨᠢ ᠪᠤᠷᠬᠠᠨ ᠤᠶᠠᠷᠠᠳᠠᠭ ᠪᠦᠲᠦᠨ ᠬᠠᠢᠷ᠎ᠠ ᠶ᠋ᠢᠨ ᠡᠬᠡ                                                 ᠣᠷᠣᠨ ᠮᠢᠨᠤ

ᠪᠦᠪᠡᠢ ᠶ᠋ᠢᠨ ᠡᠭᠡᠰᠢᠭ ᠲᠣᠨᠢ ᠬᠣᠷᠸ᠎ᠠ ᠤᠶᠠᠰᠳᠠᠭ ᠪᠦᠯᠢ ᠬᠠᠢᠷ᠎ᠠ ᠶ᠋ᠢᠨ ᠡᠬᠡ

                                         ᠣᠷᠣᠨ ᠮᠢᠨᠤ

ᠪᠦᠰᠡᠭᠦᠢ ᠬᠠᠢᠷ᠎ᠠ ᠡᠴᠡ ᠨᠢ ᠪᠦᠯᠢᠶᠡᠨ ᠰᠦ ᠢᠪᠢᠯᠳᠡᠭ ᠪᠣᠷᠣᠬᠠᠨ ᠠᠭᠠᠯᠢ ᠶ᠋ᠢᠨ ᠡᠬᠡ                                          ᠣᠷᠣᠨ ᠮᠢᠨᠤ

ᠪᠦᠷᠭᠦᠳ ᠨᠢ ᠭᠦᠷᠳᠡᠯ᠎ᠡ ᠪᠣᠰᠣᠭ᠎ᠠ ᠪᠠᠷ ᠢᠶᠠᠨ ᠨᠥᠭ᠍ᠴᠢᠳᠡᠭ ᠪᠣᠭᠳᠠ ᠶ᠋ᠢᠨ ᠤᠰᠤᠨ                                            ᠡᠬᠡ ᠣᠷᠣᠨ ᠮᠢᠨᠤ

ᠠᠯᠳᠠᠨ ᠬᠢᠩᠭᠠᠨ ᠤ ᠮᠥᠩᠭᠥᠨ ᠰᠢᠯᠮᠦᠦᠰᠦᠲᠦ ᠤᠢ ᠭᠡᠷᠡᠯ ᠴᠤᠭᠤᠴᠢᠬᠰᠠᠨ ᠮᠢᠨᠤ

                                         ᠡᠬᠡ ᠣᠷᠣᠨ

ᠠᠷᠠᠳ ᠤᠨ ᠳᠠᠭᠤᠤ ᠶ᠋ᠢᠨ ᠠᠯᠳᠠᠨ ᠰᠢᠷᠤᠩᠬᠠᠢ ᠬᠠᠷᠠᠩᠭᠤᠢ ᠶ᠋ᠢ ᠰᠡᠬᠦᠭ᠍ᠰᠡᠨ ᠮᠢᠨᠤ

                                         ᠡᠬᠡ ᠣᠷᠣᠨ

ᠠᠮᠢᠨ ᠰᠠᠬᠢᠶ᠎ᠠ ᠠᠷᠢᠭᠤᠨ ᠵᠢᠷᠦᠬᠡᠨ ᠤ ᠠᠯᠳᠠᠨ ᠬᠥᠰᠢᠶ᠎ᠡ ᠮᠢᠨᠤ ᠡᠬᠡ ᠣᠷᠣᠨ

ᠠᠯᠳᠠᠨ ᠳᠡᠯᠡᠬᠡᠢ ᠳ᠋ᠥ ᠠᠮᠢᠨᠴᠢᠷᠬᠠᠵᠤ ᠵᠠᠶᠠᠭᠠᠭᠰᠠᠨ ᠠᠯᠳᠠᠩᠬᠠᠨ ᠰᠢᠷᠣᠢ ᠮᠢᠨᠤ

                                         ᠡᠬᠡ ᠣᠷᠣᠨ


ᠬᠠᠪᠤᠷ ᠵᠤᠨ ᠨᠠᠮᠤᠷ ᠡᠪᠦᠯ ᠬᠠᠢᠷ᠎ᠠ ᠪᠠᠨ ᠲᠠᠮᠠᠭᠠᠯᠠᠭᠰᠠᠨ ᠮᠢᠨᠤ ᠡᠬᠡ ᠣᠷᠣᠨ

ᠬᠠᠨ ᠬᠣᠷᠸ᠎ᠠ ᠶ᠋ᠢᠨ ᠠᠮᠢᠵᠢᠷᠠᠯ ᠪᠢᠯᠬᠠᠭᠤᠯᠤᠭᠰᠠᠨ ᠬᠠᠨᠠᠭᠠᠷ ᠣᠷᠴᠢᠯᠠᠩ ᠮᠢᠨᠤ

                                         ᠡᠬᠡ ᠣᠷᠣᠨ ᠃

                              (ᠪᠠᠯᠵᠢᠨᠢᠮ᠎ᠠ ᠶ᠋ᠢᠨ ᠤᠯᠠᠭᠠᠨᠲᠤᠶᠠᠭ᠎ᠠ)